ᠨᠠᠮᠣᠷ ᠤᠨ ᠰᠡᠭᠦᠯᠴᠢ ᠰᠢᠪᠳᠣᠷᠴᠣ ᠡᠪᠦᠯ ᠤᠨ ᠡᠬᠢᠨ ᠰᠠᠷ᠎ᠠ ᠭᠠᠷᠣᠭᠰᠠᠨ ᠴᠦ ᠬᠤᠭᠤᠯᠠᠲᠣ ᠶᠢᠨ ᠭᠤᠣᠯ ᠪᠠᠯᠭᠠᠰᠣᠨ | ᠤ ᠣᠷᠳᠣ ᠶᠢᠨ ᠭᠤᠣᠯ ᠭᠠᠴᠠᠭᠠᠨ ᠤ ᠮᠠᠯᠴᠢᠨ ᠰᠡᠴᠡᠨᠪᠠᠭᠠᠳᠣᠷ ᠤᠨ ᠬᠢ ᠮᠥᠨ ᠭᠡᠭᠦᠦ ᠪᠠᠨ ᠪᠠᠷᠢᠵᠣ ᠡᠳᠦᠷ ᠤᠨ ᠰᠠᠭᠠᠮ᠎ᠠ | ᠠᠪᠬᠤ ᠠᠵᠢᠯ ᠢᠶᠠᠨ ᠦᠷᠬᠦᠯᠵᠢᠯᠡᠭᠦᠯᠦᠭᠰᠡᠭᠡᠷ ᠪᠠᠶᠢᠯ᠎ᠠ᠃ ᠣᠷᠴᠢᠮ ᠠᠴᠠ ᠰᠠᠭᠠᠮ᠎ᠠ ᠪᠠᠨ ᠲᠣᠭᠳᠠᠭᠰᠠᠨ ᠴᠡᠭ ᠲᠤ ᠬᠦᠷᠭᠡᠬᠦ | ᠦᠭᠡᠢ᠂ ᠥᠪᠡᠷᠳᠡᠭᠡᠨ ᠢᠰᠭᠡᠵᠦ ᠪᠣᠷᠣᠯᠠᠭᠤᠯᠬᠤ ᠴᠠᠭ ᠬᠤᠭᠤᠴᠠᠭᠠᠨ ᠳᠤ ᠣᠷᠣᠭᠰᠠᠨ ᠢᠶᠠᠷ ᠡᠳᠦᠷ ᠲᠤ ᠬᠤᠶᠠᠷ ᠴᠠᠭ | ᠰᠠᠭᠠᠵᠣ᠂ ᠬᠦᠯᠳᠡᠭᠡᠵᠦ ᠬᠠᠳᠠᠭᠠᠯᠠᠬᠤ᠂ ᠵᠢᠵᠢᠭᠯᠡᠨ ᠪᠣᠷᠣᠯᠠᠭᠤᠯᠬᠤ ᠠᠵᠢᠯ ᠢᠶᠠᠨ ᠬᠢᠵᠦ ᠪᠦᠬᠦᠳᠡᠭᠡᠷ ᠶᠠᠭᠠᠷᠠᠯᠳᠠᠢ ᠠᠵᠢᠯᠯᠠᠨ᠎ᠠ | ᠃ ᠡᠨᠡ ᠵᠣᠨ ᠡᠳᠡᠨᠡᠶᠢᠬᠢ ᠪᠣᠯᠣᠨ ᠣᠶᠢᠷ᠎ᠠ ᠲᠦᠰᠦᠷ ᠤᠨ ᠠᠶᠢᠯ ᠤᠳ ᠨᠢ ᠰᠠᠭᠠᠯᠢ ᠪᠠᠨ ᠨᠢᠭᠡ ᠴᠡᠭ ᠲᠤ ᠰᠠᠭᠠᠮ᠎ᠠ ᠪᠠᠷ | ᠪᠣᠷᠣᠯᠠᠭᠤᠯᠬᠤ ᠪᠣᠯᠣᠭᠰᠠᠨ ᠨᠢ ᠵᠢᠯ ᠳᠡᠭᠡᠨ ᠨᠠᠰᠢ ᠴᠠᠰᠢ ᠶᠠᠪᠣᠵᠣ ᠵᠢᠵᠢᠭᠯᠡᠨ ᠪᠣᠷᠣᠯᠠᠭᠤᠯᠳᠠᠭ ᠰᠠᠭᠠᠯᠢ ᠶᠢᠨ ᠡᠷᠦᠭᠡ ᠤᠳ | ᠲᠤ ᠮᠠᠰᠢ ᠲᠦᠭᠦᠮ ᠪᠣᠯᠵᠣ᠂ ᠦᠨ᠎ᠡ ᠬᠠᠩᠰᠢ ᠨᠢ ᠴᠦ ᠵᠠᠬ᠎ᠠ ᠶᠢᠨ ᠦᠨ᠎ᠡ ᠠᠴᠠ ᠬᠠᠷᠢᠴᠠᠩᠭᠤᠢ ᠦᠨᠳᠦᠷ ᠪᠠᠶᠢᠯ᠎ᠠ᠃ | ᠮᠠᠯᠴᠢᠨ ᠰᠡᠴᠡᠨᠪᠠᠭᠠᠳᠣᠷ ᠤᠨ ᠬᠢ ᠣᠣᠯ ᠠᠴᠠ ᠪᠠᠨ ᠠᠳᠣᠭᠤ ᠮᠠᠯᠵᠢᠬᠤ ᠶᠢᠨ ᠲᠠᠭᠠᠣ ᠬᠡᠬᠦᠦ ᠰᠠᠭᠠᠵᠣ ᠴᠡᠭᠡ | ᠢᠰᠭᠡᠨ ᠪᠣᠷᠣᠯᠠᠭᠤᠯᠳᠠᠭ ᠪᠠᠶᠢᠵᠠᠢ᠃ ᠡᠨᠡ ᠵᠢᠯ ᠪᠠᠷᠠᠭᠤᠨ ᠦᠵᠦᠮᠦᠴᠢᠨ ᠬᠤᠰᠢᠭᠤ ᠨᠢ ᠠᠳᠣᠭᠤᠨ ᠤ ᠠᠵᠣ ᠦᠢᠯᠡᠰ ᠤᠨ | ᠪᠠᠶᠠᠯᠢᠭ ᠲᠤ ᠲᠦᠰᠢᠭᠯᠡᠨ᠂ ᠣᠯᠠᠨ ᠲᠠᠯ᠎ᠠ ᠪᠠᠷ ᠬᠦᠭᠵᠢᠬᠦᠯᠬᠦ ᠠᠷᠭ᠎ᠠ ᠬᠡᠮᠵᠢᠶ᠎ᠡ ᠪᠠᠨ ᠪᠣᠳᠠᠳᠠᠶᠢᠵᠢᠭᠤᠯᠵᠣ᠂ ᠬᠦᠬᠡᠬᠤᠳᠠ | ᠶᠢᠨ ᠮᠧᠩ ᠵᠢᠶᠠᠨ ᠠᠳᠣᠭᠤᠨ ᠤ ᠦᠢᠯᠡᠰ ᠢ ᠬᠦᠭᠵᠢᠬᠦᠯᠬᠦ ᠬᠢᠵᠠᠭᠠᠷᠳᠣ ᠺᠣᠮᠫᠠᠨᠢ ᠶᠢ ᠣᠷᠢᠨ ᠠᠪᠴᠢᠷᠠᠵᠣ᠂ ᠮᠠᠯᠴᠢᠨ ᠡᠷᠦᠭᠡ | ᠠᠵᠣ ᠠᠬᠤᠶᠢᠯᠠᠯ ᠲᠠᠢ ᠬᠤᠯᠪᠣᠭᠠᠯᠠᠵᠣ ᠰᠠᠭᠠᠮ᠎ᠠ ᠪᠠᠨ ᠪᠣᠷᠣᠯᠠᠭᠤᠯᠬᠤ ᠰᠢᠨᠡᠬᠡᠨ ᠵᠠᠮ ᠢ ᠨᠡᠭᠡᠭᠡᠨ ᠦᠭᠴᠦ᠂ ᠮᠠᠯᠴᠢᠨ ᠡᠷᠦᠭᠡ | ᠶᠢᠨ ᠲᠠᠩ ᠭᠠᠭᠴᠠ ᠪᠠᠷ ᠲᠦᠭᠦᠭᠡᠢ ᠰᠦ᠂ ᠴᠡᠭᠡ ᠪᠠᠨ ᠪᠣᠷᠣᠯᠠᠭᠤᠯᠬᠤ ᠳᠤ ᠬᠦᠴᠢᠷᠳᠠᠢ ᠪᠠᠶᠢᠭᠰᠠᠨ ᠪᠠᠶᠢᠳᠠᠯ ᠢ | ᠪᠦᠳᠦᠮᠵᠢᠳᠡᠢ ᠬᠤᠪᠢᠷᠠᠭᠤᠯᠣᠭᠰᠠᠨ ᠪᠠᠶᠢᠨ᠎ᠠ᠃ | ᠡᠨᠡ ᠵᠢᠯ ᠰᠡᠴᠡᠨᠪᠠᠭᠠᠳᠣᠷ ᠤᠨ ᠬᠢ ᠵᠠᠭᠤᠨ ᠲᠠᠯᠠᠭᠠᠳ ᠭᠡᠭᠦᠦ ᠰᠠᠭᠠᠵᠣ᠂ ᠠᠳᠣᠭᠤ ᠪᠠᠨ ᠬᠡᠳᠦᠨ ᠬᠡᠰᠡᠭ ᠪᠡᠯᠴᠢᠭᠡᠷ | ᠲᠤ ᠬᠤᠪᠢᠶᠠᠨ ᠮᠠᠯᠵᠢᠵᠣ ᠪᠡᠯᠴᠢᠭᠡᠷ ᠣᠰᠣ ᠪᠠᠨ ᠬᠠᠮᠠᠭᠠᠯᠠᠬᠤ ᠶᠢᠨ ᠲᠠᠭᠠᠣ᠂ ᠡᠳᠦᠷ ᠲᠤ ᠪᠠᠷᠤᠭ 1200 ᠵᠢᠩ ᠣᠷᠴᠢᠮ | ᠰᠠᠭᠠᠮ᠎ᠠ ᠠᠪᠳᠠᠭ ᠪᠦᠭᠡᠳ ᠡᠳᠦᠷ ᠤᠨ ᠬᠢ ᠪᠠᠨ ᠨᠢᠭᠡ ᠯᠡ ᠴᠡᠭ ᠲᠤ ᠰᠢᠭᠤᠳ ᠬᠦᠷᠭᠡᠳᠡᠭ ᠪᠣᠯᠣᠭᠰᠠᠨ ᠨᠢ ᠥᠩᠭᠡᠷᠡᠭᠰᠡᠨ | ᠤ ᠨᠠᠰᠢ ᠴᠠᠰᠢ ᠬᠦᠷᠭᠡᠵᠦ ᠵᠢᠵᠢᠭᠯᠡᠨ ᠪᠣᠷᠣᠯᠠᠭᠤᠯᠳᠠᠭ ᠬᠦᠴᠢᠷ ᠲᠠᠢ ᠪᠠᠶᠢᠳᠠᠯ ᠢ ᠦᠭᠡᠷᠡᠴᠢᠯᠡᠵᠦ᠂ ᠮᠠᠰᠢᠨ ᠣᠨᠣᠭᠠᠨ ᠤ | ᠵᠠᠷᠣᠳᠠᠯ ᠢ ᠨᠢ ᠴᠦ ᠶᠡᠬᠡᠪᠡᠷ ᠪᠠᠭᠠᠰᠬᠠᠵᠠᠢ᠃ ᠡᠨᠡ ᠵᠢᠯ ᠮᠧᠩ ᠵᠢᠶᠠᠨ ᠠᠳᠣᠭᠤᠨ ᠤ ᠦᠢᠯᠡᠰ ᠢ ᠬᠦᠭᠵᠢᠬᠦᠯᠬᠦ | ᠬᠢᠵᠠᠭᠠᠷᠳᠣ ᠺᠣᠮᠫᠠᠨᠢ ᠨᠢ 7 ᠰᠠᠷ᠎ᠠ ᠶᠢᠨ11 ᠠᠴᠠ 9 ᠰᠠᠷ᠎ᠠ ᠶᠢᠨ 5 ᠪᠣᠯᠳᠠᠯ᠎ᠠ ᠰᠡᠴᠡᠨᠪᠠᠭᠠᠳᠣᠷ ᠤᠨ ᠬᠢ ᠶᠢ | ᠪᠠᠭᠳᠠᠭᠠᠭᠰᠠᠨ 38 ᠡᠷᠦᠬᠡ ᠲᠠᠢ ᠬᠠᠮᠳᠣᠷᠠᠵᠣ ᠲᠠᠪᠢᠭᠠᠳ ᠬᠤᠨᠤᠭ ᠲᠤ102 ᠲᠣᠨ ᠰᠢᠨ᠎ᠡ ᠰᠣᠷᠭᠤᠭ ᠰᠠᠭᠠᠮ᠎ᠠ | ᠬᠤᠷᠢᠶᠠᠵᠣ᠂ ᠡᠨᠡᠬᠦ ᠬᠤᠶᠠᠷ ᠰᠠᠷ᠎ᠠ ᠣᠷᠴᠢᠮ ᠤᠨ ᠬᠤᠭᠤᠴᠠᠭᠠᠨ ᠳᠤ ᠰᠡᠴᠡᠨᠪᠭᠠᠳᠣᠷ ᠤᠨ ᠰᠠᠭᠠᠮ᠎ᠠ ᠪᠣᠷᠣᠯᠠᠭᠤᠯᠣᠭᠰᠠᠨ | ᠪᠦᠬᠦ ᠣᠷᠣᠯᠭ᠎ᠠ 80 ᠲᠦᠮᠡᠨ ᠲᠦᠭᠦᠷᠢᠭ ᠢᠶᠠᠨ ᠬᠠᠮᠳᠣᠷᠠᠭᠰᠠᠨ ᠺᠣᠮᠫᠠᠨᠢ ᠠᠴᠠ ᠪᠠᠨ ᠬᠦᠯᠢᠶᠡᠨ ᠠᠪᠴᠦ᠂ ᠠᠵᠢᠯ ᠤᠨ | ᠢᠶᠠᠨ ᠣᠷᠮ᠎ᠠ ᠵᠣᠷᠢᠭ ᠢ ᠮᠢᠯᠢᠶᠠᠵᠠᠢ᠃ | ᠣᠶᠢᠯᠠᠭᠠᠭᠰᠠᠨ ᠢᠶᠠᠷ ᠮᠠᠯᠴᠢᠨ ᠰᠡᠴᠡᠨᠪᠠᠭᠠᠳᠣᠷ ᠤᠨ ᠬᠢ ᠡᠨᠡ ᠵᠢᠯ ᠤᠨ ᠬᠡᠬᠦᠦ ᠰᠠᠭᠠᠬᠤ ᠠᠵᠢᠯ ᠢᠶᠠᠨ ᠠᠷᠪᠠᠨ ᠬᠤᠶᠠᠷ | ᠰᠠᠷ᠎ᠠ ᠬᠦᠷᠭᠡᠬᠦ ᠲᠦᠯᠦᠪᠯᠡᠭᠡ ᠲᠠᠢ ᠪᠠᠶᠢᠭ᠎ᠠ ᠪᠦᠭᠡᠳ᠂ ᠥᠪᠡᠷ ᠤᠨ ᠰᠠᠭᠠᠵᠣ ᠢᠰᠬᠡᠵᠦ ᠪᠣᠷᠣᠯᠠᠭᠤᠯᠵᠣ ᠴᠢᠳᠠᠬᠤ | ᠬᠡᠪᠴᠢᠶᠡᠨ ᠳᠡᠭᠡᠨ ᠰᠠᠭᠠᠮ᠎ᠠ ᠪᠠᠨ ᠠᠪᠴᠦ ᠵᠢᠵᠢᠭᠯᠡᠨ ᠪᠣᠷᠣᠯᠠᠭᠤᠯᠬᠤ᠂ ᠬᠦᠯᠳᠡᠭᠡᠵᠦ ᠬᠠᠳᠠᠭᠠᠯᠠᠬᠤ ᠵᠡᠷᠭᠡ ᠠᠷᠭ᠎ᠠ ᠪᠠᠷ | ᠴᠡᠭᠡᠨ ᠤ ᠪᠠᠨ ᠢᠷᠡᠯᠳᠡ ᠶᠢ ᠪᠠᠳᠣᠯᠠᠵᠣ᠂ ᠣᠳᠣᠬᠠᠨ ᠭᠠᠵᠠᠷ ᠣᠷᠣᠨ ᠳᠠᠭᠠᠨ ᠭᠠᠷᠭᠠᠯᠳᠠ ᠪᠠᠨ ᠬᠢᠵᠦ ᠣᠷᠣᠯᠭ᠎ᠠ ᠪᠠᠨ | ᠨᠡᠮᠡᠭᠳᠡᠬᠦᠯᠵᠦ᠂ ᠴᠠᠭ ᠣᠯᠠᠷᠢᠯ ᠤᠨ ᠬᠤᠭᠤᠴᠠᠭ᠎ᠠ ᠲᠠᠢ ᠬᠢᠳᠡᠭ ᠬᠢᠵᠠᠭᠠᠷᠳᠠᠮᠠᠯ ᠪᠠᠶᠢᠳᠠᠯ ᠠᠴᠠ ᠭᠠᠷᠬᠤ ᠲᠦᠯᠦᠪᠯᠡᠭᠡ ᠲᠠᠢ | ᠠᠵᠢᠯᠯᠠᠵᠣ ᠪᠠᠶᠢᠨ᠎ᠠ᠃ ᠲᠡᠷᠡ ᠪᠢᠳᠡᠨ ᠳᠤ ᠡᠨᠡ ᠵᠢᠯ ᠤᠨ ᠣᠷᠣᠯᠭ᠎ᠠ ᠵᠠᠷᠣᠯᠭ᠎ᠠ ᠵᠠᠷᠣᠳᠠᠯ ᠮᠥᠩᠭᠦᠨ ᠤ ᠲᠠᠯ᠎ᠠ ᠪᠠᠷ ᠨᠠᠷᠢᠨ | ᠲᠠᠩᠰᠠ ᠲᠦᠯᠦᠪᠯᠡᠭᠡ ᠪᠠᠨ ᠶᠠᠷᠢᠬᠤ ᠳᠠᠭᠠᠨ᠂ ︽ᠡᠨᠡ ᠵᠢᠯ ᠪᠦᠭᠡᠮ ᠢᠶᠠᠷ ᠪᠣᠷᠤᠯᠠᠭᠤᠯᠤᠭᠰᠠᠨ ᠬᠤᠭᠤᠴᠠᠭᠠᠨ ᠳᠤ ᠠᠵᠢᠯ ᠤᠨ | ᠴᠠᠭ᠂ ᠬᠦᠳᠡᠯᠮᠦᠷᠢ ᠬᠦᠴᠦ ᠨᠡᠯᠢᠶᠡᠳ ᠠᠷᠪᠢᠯᠠᠭᠰᠠᠨ᠂ ᠪᠠᠰᠠ ᠵᠠᠬ᠎ᠠ ᠲᠡᠯᠭᠡᠭᠦᠷ ᠤᠨ ᠬᠠᠩᠰᠢ ᠠᠴᠠ ᠨᠢᠭᠡ ᠲᠦᠭᠦᠷᠢᠭ | ᠦᠨ᠎ᠡ ᠲᠠᠢ ᠬᠤᠷᠢᠶᠠᠭᠰᠠᠨ᠂ ᠵᠠᠰᠠᠭ ᠤᠨ ᠣᠷᠳᠣᠨ ᠠᠴᠠ ᠴᠦ ᠬᠤᠶᠠᠷ ᠲᠦᠭᠦᠷᠢᠭ ᠤᠨ ᠨᠥᠬᠦᠪᠦᠷᠢ ᠪᠠᠷ ᠪᠢᠳᠡᠨ ᠢ | ᠲᠡᠮᠵᠢᠭᠰᠡᠨ ᠪᠣᠯᠬᠤᠷ ᠪᠢᠳᠡ ᠶᠡᠭᠡ ᠣᠷᠮ᠎ᠠ ᠲᠠᠢ ᠪᠠᠶᠢᠨ᠎ᠠ᠂ ᠪᠦᠬᠦ ᠵᠠᠷᠣᠳᠠᠯ ᠢᠶᠠᠨ ᠭᠠᠷᠭᠠᠪᠠᠯ ᠣᠳᠣᠬᠠᠨ ᠪᠣᠯᠳᠠᠯ᠎ᠠ ᠴᠡᠪᠡᠷ | ᠣᠷᠣᠯᠭ᠎ᠠ ᠭᠤᠴᠢᠭᠠᠳ ᠲᠦᠮᠡ ᠬᠦᠷᠦᠭᠰᠡᠨ︾ ᠭᠡᠵᠦ ᠣᠷᠮᠠᠳᠠᠢ ᠶᠠᠷᠢᠯ᠎ᠠ᠃ | ᠡᠨᠡ ᠵᠢᠯ ᠵᠠᠰᠠᠭ ᠤᠨ ᠣᠷᠳᠣᠨ ᠠᠴᠠ ᠪᠠᠰᠠ ᠬᠡᠬᠦᠦ ᠰᠠᠭᠠᠵᠣ ᠴᠡᠭᠡ ᠢᠰᠭᠡᠬᠦ᠂ ᠬᠠᠳᠠᠭᠠᠯᠠᠬᠤ ᠳᠤ ᠵᠣᠷᠢᠭᠤᠯᠣᠭᠰᠠᠨ | ᠲᠦᠷᠦᠯ ᠵᠦᠢᠯ ᠤᠨ ᠪᠦᠳᠦᠭᠡᠨ ᠪᠠᠶᠢᠭᠤᠯᠣᠯᠲᠠ ᠶᠢ ᠬᠢᠵᠦ ᠦᠭᠭᠦᠭᠰᠡᠨ ᠢᠶᠠᠷ ᠢᠷᠡᠬᠦ ᠵᠢᠯ ᠤᠨ ᠰᠦ ᠰᠠᠭᠠᠯᠢ ᠶᠢᠨ ᠠᠵᠢᠯ ᠳᠤ | ᠨᠢ ᠶᠡᠬᠡᠬᠡᠨ ᠲᠦᠭᠦᠮ ᠪᠣᠯᠵᠣ ᠣᠳᠠᠬᠤ ᠦᠭᠡᠢ ᠠᠰᠢᠭᠯᠠᠯᠲᠠ ᠳᠤ ᠣᠷᠣᠭᠤᠯᠬᠤ ᠪᠠᠷ ᠪᠡᠯᠡᠳᠭᠡᠭᠡᠳ ᠪᠠᠶᠢᠯ᠎ᠠ᠃ | | |