ᠰᠤᠷᠪᠤᠯᠵᠢᠯᠠᠭᠴᠢ ᠥᠪᠡᠷᠲᠡᠭᠡᠨ ᠵᠠᠰᠠᠬᠤ ᠣᠷᠣᠨ ᠤ ᠣᠶ ᠰᠢᠭᠤᠢ ᠪᠠ ᠨᠤᠲᠤᠭ ᠪᠡᠯᠴᠢᠭᠡᠷ ᠤᠨ | ᠲᠣᠪᠴᠢᠶ᠎ᠠ ᠠᠴᠠ ᠣᠶᠢᠯᠠᠭᠠᠭᠰᠠᠨ ᠢᠶᠠᠷ᠂ 2024 ᠣᠨ ᠤ ᠡᠬᠢ ᠠᠴᠠ ᠣᠲᠣ ᠪᠣᠯᠲᠠᠯ᠎ᠠ᠂ ᠪᠥᠬᠦ ᠣᠷᠣᠨ ᠳᠤ | ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠠ ᠰᠠᠯᠬᠢᠨ ᠬᠦᠴᠦᠨ ᠤ ᠴᠠᠬᠢᠯᠭᠠᠨ ᠭᠡᠷᠡᠯᠴᠢ ᠴᠡᠨᠡᠭ ᠢ ᠨᠢᠭᠡ | ᠴᠣᠭᠴᠠᠵᠢᠭᠤᠯᠬᠤ ᠢᠨᠵᠧᠨᠧᠷᠢᠩ ᠢᠶᠠᠷ ᠡᠯᠡᠰᠦᠷᠬᠡᠭᠵᠢᠭᠰᠡᠨ ᠭᠠᠵᠠᠷ ᠢ ᠵᠠᠰᠠᠬᠤ ᠡᠭᠦᠷᠭᠡ ᠪᠠᠨ 237.58 ᠲᠦᠮᠡᠨ ᠮᠦ | ᠪᠡᠶᠡᠯᠡᠭᠦᠯᠵᠦ᠂ ᠡᠨᠡ ᠨᠢ ᠪᠥᠬᠦ ᠵᠢᠯ ᠤᠨ ᠲᠥᠯᠥᠪᠯᠡᠭᠡ ᠶᠢᠨ 103.3% ᠪᠣᠯᠪᠠ᠃ | 2023 ᠣᠨ ᠳᠤ᠂ ᠥᠪᠥᠷ ᠮᠣᠩᠭᠤᠯ ᠰᠠᠯᠬᠢ ᠭᠡᠷᠡᠯ ᠤᠨ ᠡᠬᠢ ᠪᠠᠶᠠᠯᠢᠭ ᠪᠠ ︽ᠡᠯᠡᠰᠦ ᠭᠤᠪᠢ ᠴᠥᠯ︾ | ᠤᠨᠡᠬᠢ ᠪᠠᠶᠠᠯᠢᠭ ᠤᠨ ᠳᠠᠪᠠᠭᠤᠯᠢᠭ ᠲᠤ ᠪᠠᠨ ᠰᠠᠭᠤᠷᠢᠯᠠᠵᠤ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ | ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠦᠲᠦᠭᠡᠨ ᠪᠠᠶᠢᠭᠤᠯᠬᠤ ᠪᠠᠨ ᠤᠯᠤᠰ ᠤᠨ ᠴᠢᠬᠤᠯᠠ ᠡᠨᠧᠷᠭᠢ ᠪᠠ | ᠪᠠᠶᠢᠯᠳᠤᠬᠤ ᠪᠣᠳᠣᠯᠭ᠎ᠠ ᠶᠢᠨ ᠡᠬᠢ ᠪᠠᠶᠠᠯᠢᠭ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠯᠤᠭ᠎ᠠ | ᠣᠷᠭᠠᠨᠢᠭ ᠢᠶᠠᠷ ᠠᠭᠤᠰᠤᠯᠴᠠᠭᠤᠯᠵᠤ᠂ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠠ ᠰᠠᠯᠬᠢᠨ ᠬᠦᠴᠦᠨ ᠤ | ᠴᠠᠬᠢᠯᠭᠠᠨ ᠭᠡᠷᠡᠯᠴᠢ ᠴᠡᠨᠡᠭ ᠢ ᠨᠢᠭᠡ ᠴᠣᠭᠴᠠᠵᠢᠭᠤᠯᠬᠤ ᠢᠨᠵᠧᠨᠧᠷᠢᠩ ᠬᠡᠷᠡᠭᠵᠢᠭᠦᠯᠬᠦ ᠶᠢ ᠰᠢᠨ᠎ᠡ ᠡᠭᠦᠳᠦᠯᠲᠡ ᠶᠢᠨ | ᠴᠢᠨᠠᠷᠲᠠᠢ ᠪᠠᠷ ᠳᠤᠷᠠᠳᠤᠨ ᠭᠠᠷᠭᠠᠭᠰᠠᠨ ᠤ ᠬᠠᠮᠲᠤ᠂ ᠨᠢᠭᠡ ᠴᠣᠭᠴᠠᠵᠢᠭᠤᠯᠬᠤ ᠢᠨᠵᠧᠨᠧᠷᠢᠩ ᠢ ᠥᠪᠡᠷᠲᠡᠭᠡᠨ ᠵᠠᠰᠠᠬᠤ | ᠣᠷᠣᠨ ᠤ ᠠᠵᠤ ᠠᠬᠤᠢ ᠶᠢᠨ ᠬᠥᠭᠵᠢᠯᠲᠡ ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠢᠷᠭᠤᠭᠠᠨ | ᠢᠨᠵᠧᠨᠧᠷᠢᠩ ᠤᠨ ᠨᠢᠭᠡ ᠪᠣᠯᠭᠠᠪᠠ᠃ 2024 ᠣᠨ ᠳᠤ᠂ ᠥᠪᠥᠷ ᠮᠣᠩᠭᠤᠯ 1 ᠳ᠋ᠦ᠋ᠭᠡᠷ᠂ 2 ᠳ᠋ᠤᠭᠠᠷ ᠤᠢ | ᠰᠢᠭᠤᠢ ᠶᠢᠨ ᠶᠡᠷᠦᠩᠬᠡᠢ ᠳᠠᠷᠤᠭ᠎ᠠ ᠶᠢᠨ ᠵᠠᠷᠯᠢᠭ ᠢ ᠵᠠᠯᠭᠠᠭ᠎ᠠ ᠪᠠᠷ ᠨᠡᠶᠢᠲᠡᠯᠡᠵᠦ᠂ ︽ᠡᠯᠡᠰᠦᠷᠬᠡᠭᠵᠢᠯ ᠢ ᠰᠡᠷᠭᠡᠶᠢᠯᠡᠨ | ᠡᠯᠡᠰᠦ ᠶᠢ ᠵᠠᠰᠠᠬᠤ ᠪᠠ ᠰᠠᠯᠬᠢᠨ ᠬᠦᠴᠦᠨ ᠤ ᠴᠠᠬᠢᠯᠭᠠᠨ ᠭᠡᠷᠡᠯᠴᠢ ᠴᠡᠨᠡᠭ ᠢ ᠨᠢᠭᠡ ᠴᠣᠭᠴᠠᠵᠢᠭᠤᠯᠬᠤ | ᠢᠨᠵᠧᠨᠧᠷᠢᠩ ᠢ ᠠᠬᠢᠭᠤᠯᠬᠤ ᠲᠥᠰᠥᠯ︾ ᠢ ᠳᠠᠷᠤᠮᠠᠯᠯᠠᠨ ᠲᠠᠷᠬᠠᠭᠠᠵᠤ᠂ ᠨᠢᠭᠡ ᠴᠣᠭᠴᠠᠵᠢᠭᠤᠯᠬᠤ ᠢᠨᠵᠧᠨᠧᠷᠢᠩ ᠳᠤ | ᠨᠢᠭᠡᠳᠦᠯᠲᠡᠢ ᠪᠠᠶᠢᠷᠢᠯᠠᠭᠤᠯᠤᠯᠲᠠ ᠬᠢᠵᠦ᠂ 2030 ᠣᠨ ᠪᠣᠯᠬᠤ ᠳᠤ ᠪᠦᠬᠦ ᠣᠷᠣᠨ ᠤ ᠨᠢᠭᠡ ᠴᠣᠭᠴᠠᠵᠢᠭᠤᠯᠬᠤ | ᠢᠨᠵᠧᠨᠧᠷᠢᠩ ᠤᠨ ᠰᠢᠨ᠎ᠡ ᠡᠨᠧᠷᠭᠢ ᠶᠢᠨ ᠮᠠᠰᠢᠨ ᠴᠣᠭᠴᠠᠯᠠᠪᠤᠷᠢ ᠶᠢ 1.19 ᠳ᠋ᠦᠩᠰᠢᠭᠤᠷ ᠺᠢᠯᠣᠸᠠᠲ ᠲᠤ ᠬᠦᠷᠭᠡᠵᠦ᠂ | 1151 ᠲᠦᠮᠡᠨ ᠮᠦ ᠡᠯᠡᠰᠦᠷᠬᠡᠭᠵᠢᠭᠰᠡᠨ ᠭᠠᠵᠠᠷ ᠢ ᠶᠡᠷᠦᠩᠬᠡᠶᠢᠯᠡᠨ ᠵᠠᠰᠠᠬᠤ ᠪᠠᠷ ᠲᠥᠯᠥᠪᠵᠢᠭᠦᠯᠪᠡ᠃ ᠡᠭᠦᠨ ᠳᠤ᠂ | 2024 ᠣᠨ ᠳᠠᠬᠢ ᠪᠥᠬᠦ ᠣᠷᠣᠨ ᠤ ᠰᠢᠨ᠎ᠡ ᠡᠨᠧᠷᠭᠢ ᠶᠢᠨ ᠮᠠᠰᠢᠨ ᠴᠣᠭᠴᠠᠯᠠᠪᠤᠷᠢ ᠶᠢ 2727 ᠲᠦᠮᠡᠨ | ᠺᠢᠯᠣᠸᠠᠲ ᠲᠤ ᠬᠦᠷᠭᠡᠵᠦ᠂ 230 ᠲᠦᠮᠡᠨ ᠮᠦ ᠡᠯᠡᠰᠦᠷᠬᠡᠭᠵᠢᠭᠰᠡᠨ ᠭᠠᠵᠠᠷ ᠤᠨ ᠵᠠᠰᠠᠯᠲᠠ ᠶᠢ ᠢᠵᠢ ᠪᠦᠷᠢᠳᠦᠭᠦᠯᠦᠨ | ᠪᠡᠶᠡᠯᠡᠭᠦᠯᠬᠦ ᠪᠠᠷ ᠲᠣᠳᠣᠷᠬᠠᠢ ᠲᠣᠭᠲᠠᠭᠠᠪᠠ᠃ | ᠨᠢᠭᠡ ᠴᠣᠭᠴᠠᠵᠢᠭᠤᠯᠬᠤ ᠢᠨᠵᠧᠨᠧᠷᠢᠩ ᠢ ᠬᠡᠷᠡᠭᠵᠢᠭᠦᠯᠦᠭᠰᠡᠨ ᠠᠴᠠ ᠨᠠᠭᠠᠰᠢ᠂ ᠥᠪᠥᠷ ᠮᠣᠩᠭᠤᠯ ᠤᠨ ᠡᠯ᠎ᠡ | ᠭᠠᠵᠠᠷ ᠤᠨ ᠬᠢᠨ ᠨᠢᠭᠡᠨᠲᠡ ᠲᠦᠷᠦᠭᠦᠯᠡᠬᠦ ᠰᠢᠨ᠎ᠡ ᠡᠨᠧᠷᠭᠢ ᠶᠢᠨ 13 ᠠᠵᠤ ᠠᠬᠤᠶᠢᠯᠠᠯ ᠢ ᠰᠢᠯᠢᠳᠡᠭ ᠢᠶᠠᠷ ᠦᠵᠡᠨ | ᠰᠣᠩᠭᠤᠵᠤ᠂ ᠣᠶᠢᠷ᠎ᠠ ᠬᠠᠪᠢ ᠶᠢᠨ ᠲᠤᠬᠠᠢ ᠶᠢᠨ ᠭᠠᠵᠠᠷ ᠲᠤ ᠨᠢ ᠲᠣᠨᠤᠭ ᠲᠥᠬᠦᠭᠡᠷᠦᠮᠵᠢ ᠦᠢᠯᠡᠳᠬᠦ 35 ᠠᠵᠤ | ᠠᠬᠤᠶᠢᠯᠠᠯ ᠵᠢᠴᠢ ᠠᠮᠢ ᠠᠬᠤᠢ ᠶᠢᠨ ᠵᠠᠰᠠᠯᠲᠠ ᠶᠢᠨ 12 ᠠᠵᠤ ᠠᠬᠤᠶᠢᠯᠠᠯ ᠯᠤᠭ᠎ᠠ ᠬᠤᠯᠪᠤᠭᠠᠯᠠᠨ ᠬᠤᠯᠪᠣᠭᠠᠲᠤ | ᠴᠣᠭᠴᠠ ᠪᠠᠶᠢᠭᠤᠯᠵᠤ᠂ ᠨᠢᠭᠡ ᠴᠣᠭᠴᠠᠵᠢᠭᠤᠯᠬᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠳᠠᠭᠠᠭᠠᠨ ᠠᠪᠴᠤ᠂ | ᠤᠯᠤᠰ ᠤᠨ ᠥᠮᠴᠢᠯᠡᠯᠲᠦ ᠣᠶ ᠰᠢᠭᠤᠢ ᠶᠢᠨ ᠲᠠᠯᠠᠪᠠᠶ᠂ ᠲᠤᠰᠬᠠᠢ ᠬᠤᠷᠰᠢᠶ᠎ᠠ ᠵᠡᠷᠭᠡ ᠶᠢᠨ ᠢᠳᠡᠪᠬᠢᠲᠡᠢ | ᠣᠷᠣᠯᠴᠠᠬᠤ ᠶᠢ ᠥᠷᠭᠡᠨ ᠢᠶᠠᠷ ᠲᠠᠲᠠᠨ ᠠᠪᠴᠢᠷᠠᠵᠤ᠂ ᠨᠢᠭᠡ ᠴᠣᠭᠴᠠᠵᠢᠭᠤᠯᠬᠤ ᠢᠨᠵᠧᠨᠧᠷᠢᠩ ᠤᠨ ᠪᠦᠲᠦᠭᠡᠨ | ᠪᠠᠶᠢᠭᠤᠯᠤᠯᠲᠠ ᠶᠢᠨ ᠬᠠᠯᠠᠭᠤᠨ ᠥᠷᠨᠢᠯᠲᠡ ᠶᠢ ᠪᠣᠶ ᠪᠣᠯᠭᠠᠪᠠ᠃ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ | ᠶᠠᠪᠤᠴᠠ ᠳᠤ᠂ ᠥᠪᠥᠷ ᠮᠣᠩᠭᠤᠯ ᠮᠠᠯᠴᠢᠨ ᠲᠠᠷᠢᠶᠠᠴᠢᠳ ᠤᠨ ᠣᠷᠣᠯᠴᠠᠬᠤ ᠲᠣᠭᠲᠠᠴᠠ ᠶᠢ ᠪᠠᠶᠢᠭᠤᠯᠵᠤ᠂ ᠮᠠᠯᠴᠢᠨ | ᠲᠠᠷᠢᠶᠠᠴᠢᠨ ᠵᠢᠴᠢ ᠬᠥᠳᠡᠭᠡ ᠲᠤᠰᠬᠤᠨ ᠮᠠᠯᠵᠢᠬᠤ ᠣᠷᠣᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ | ᠪᠠᠶᠢᠭᠤᠯᠤᠯᠲᠠ ᠶᠢᠨ ᠪᠡᠯᠡ ᠮᠥᠩᠭᠦ᠂ ᠭᠠᠵᠠᠷ ᠰᠢᠷᠣᠢ ᠵᠡᠷᠭᠡ ᠶᠢ ᠬᠤᠪᠢ ᠣᠷᠣᠬᠤ ᠬᠡᠯᠪᠡᠷᠢ ᠪᠠᠷ ᠨᠢᠭᠡ | ᠴᠣᠭᠴᠠᠵᠢᠭᠤᠯᠬᠤ ᠲᠥᠷᠥᠯ ᠵᠦᠢᠯ ᠳᠤ ᠣᠷᠣᠯᠴᠠᠬᠤ ᠶᠢ ᠨᠢ ᠳᠡᠮᠵᠢᠵᠦ᠂ ᠡᠯ᠎ᠡ ᠭᠠᠵᠠᠷ ᠢ ᠬᠥᠲᠥᠯᠥᠨ ᠵᠢᠯᠤᠭᠤᠳᠴᠤ | ᠪᠠᠶᠢᠭᠠᠳ ︽ᠬᠥᠳᠡᠯᠮᠦᠷᠢᠯᠡᠭᠦᠯᠬᠦ ᠪᠠᠷ ᠲᠡᠳᠬᠦᠮᠵᠢ ᠶᠢ ᠣᠷᠣᠯᠠᠭᠤᠯᠬᠤ︾ ︽ᠤᠷᠢᠳ ᠢᠶᠠᠷ ᠪᠠᠶᠢᠭᠤᠯᠵᠤ ᠳᠠᠷᠠᠭ᠎ᠠ ᠨᠢ | ᠨᠥᠬᠦᠪᠦᠷᠢᠯᠡᠬᠦ︾ ᠵᠡᠷᠭᠡ ᠬᠡᠪ ᠵᠠᠭᠪᠤᠷ ᠢ ᠰᠦᠪᠡᠭᠴᠢᠯᠡᠨ ᠥᠷᠨᠢᠭᠦᠯᠵᠦ ᠡᠯᠡᠰᠦᠷᠬᠡᠭᠵᠢᠭᠰᠡᠨ ᠭᠠᠵᠠᠷ ᠢ ᠵᠠᠰᠠᠬᠤ ᠪᠠ | ᠰᠡᠭᠦᠯᠴᠢ ᠬᠤᠭᠤᠴᠠᠭᠠᠨ ᠤ ᠬᠠᠮᠢᠶᠠᠷᠤᠯᠲᠠ ᠬᠠᠮᠠᠭᠠᠯᠠᠯᠲᠠ ᠳᠤ ᠣᠷᠣᠯᠴᠠᠭᠤᠯᠵᠤ᠂ ᠮᠠᠯᠴᠢᠨ ᠲᠠᠷᠢᠶᠠᠴᠢᠨ ᠤ | ᠣᠷᠣᠯᠭ᠎ᠠ ᠶᠢ ᠣᠯᠠᠨ ᠠᠷᠭ᠎ᠠ ᠵᠠᠮ ᠢᠶᠠᠷ ᠨᠡᠮᠡᠭᠳᠡᠭᠦᠯᠪᠡ᠃ | ᠨᠢᠭᠡ ᠴᠣᠭᠴᠠᠵᠢᠭᠤᠯᠬᠤ ᠢᠨᠵᠧᠨᠧᠷᠢᠩ ᠨᠢ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ᠪᠠ ᠰᠢᠨ᠎ᠡ | ᠡᠨᠧᠷᠭᠢ ᠶᠢᠨ ᠪᠦᠲᠦᠭᠡᠨ ᠪᠠᠶᠢᠭᠤᠯᠤᠯᠲᠠ ᠶᠢ ᠨᠢᠭᠡ ᠴᠣᠭᠴᠠᠵᠢᠭᠤᠯᠵᠤ᠂ ᠠᠮᠢ ᠠᠬᠤᠢ ᠶᠢᠨ ᠵᠠᠰᠠᠯᠲᠠ ᠶᠢ ᠠᠬᠢᠭᠤᠯᠵᠤ | ᠴᠢᠳᠠᠬᠤ ᠪᠠᠷ ᠪᠠᠷᠠᠬᠤ ᠦᠭᠡᠢ ᠪᠠᠰᠠ ᠪᠣᠬᠢᠷᠳᠤᠯ ᠦᠭᠡᠢ ᠴᠠᠬᠢᠯᠭᠠᠨ ᠢ ᠢᠯᠡᠭᠦᠦ ᠭᠠᠷᠭᠠᠵᠤ᠂ ᠪᠦᠲᠦᠮᠵᠢᠲᠡᠶ ᠪᠡᠯᠡ | ᠣᠷᠣᠭᠤᠯᠤᠯᠲᠠ ᠶᠢ ᠥᠷᠭᠡᠳᠬᠡᠨ᠂ ᠮᠠᠯᠴᠢᠨ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠵᠦ᠂ ᠨᠣᠭᠤᠭᠠᠷᠠᠭᠤᠯᠤᠯᠲᠠ ᠶᠢ | ᠨᠡᠮᠡᠭᠳᠡᠭᠦᠯᠬᠦ᠂ ᠡᠨᠧᠷᠭᠢ ᠶᠢ ᠨᠡᠮᠡᠭᠳᠡᠭᠦᠯᠬᠦ᠂ ᠣᠷᠣᠯᠭ᠎ᠠ ᠶᠢ ᠨᠡᠮᠡᠭᠳᠡᠭᠦᠯᠬᠦ ᠪᠠᠨ ᠨᠢᠭᠡᠳᠦᠯᠲᠡᠢ ᠲᠥᠯᠥᠪᠯᠡᠨ ᠠᠬᠢᠭᠤᠯᠬᠤ ᠶᠢ | ᠪᠡᠶᠡᠯᠡᠭᠦᠯᠵᠦ᠂ ︽ᠤᠮᠠᠷᠠᠲᠤ ᠶᠢᠨ ᠭᠤᠷᠪᠠᠨ ᠣᠷᠣᠨ︾ ᠤ ᠢᠨᠵᠧᠨᠧᠷᠢᠩ ᠤᠨ ᠪᠠᠰᠠ ᠨᠢᠭᠡᠨ ᠠᠮᠢᠳᠤᠯᠢᠭ ᠦᠢᠯᠡᠳᠦᠯᠭᠡ | ᠪᠣᠯᠤᠭᠰᠠᠨ ᠪᠠᠶᠢᠨ᠎ᠠ᠃ |