ᠪᠠᠷᠠᠭᠤᠨ ᠦᠵᠦᠮᠦᠴᠢᠨ ᠬᠤᠰᠢᠭᠤᠨ ᠤ ︽ᠰᠡᠳᠬᠢᠯ ᠢᠶᠠᠨ ᠨᠢᠭᠡᠳᠬᠡᠨ ᠬᠦᠰᠡᠯᠡᠩ ᠢᠶᠠᠨ ᠪᠠᠶᠠᠯᠠᠬᠦᠯᠵᠦ᠂ ᠲᠠᠣᠬᠡᠨ ᠬᠠᠭᠤᠳᠠᠰᠤ ᠪᠠᠨ ᠦᠷᠬᠦᠯᠵᠢᠯᠠᠨ ᠪᠢᠴᠢᠭᠯᠡᠶ᠎ᠠ︾ ᠤᠯᠤᠰ ᠪᠠᠶᠢᠭᠤᠯᠤᠭᠳᠠᠭᠰᠠᠨ 75 ᠵᠢᠯ ᠤᠨ ᠣᠶ ᠵᠢᠴᠢ ᠤᠯᠤᠰ ᠲᠥᠷᠥ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠣᠶ ᠶᠢ ᠪᠡᠯᠭᠡᠯᠡᠬᠦ ᠤᠷᠠᠨ ᠰᠠᠶᠢᠬᠠᠨ ᠤ ᠦᠳᠡᠰᠢᠯᠡᠭᠡ  ᠶᠠᠪᠤᠭᠳᠠᠯ᠎ᠠ
ᠨᠡᠶᠢᠲᠡᠯᠡᠭᠰᠡᠨ ᠴᠠᠭ᠄
2024/10/8
    9 ᠰᠠᠷ᠎ᠠ ᠶᠢᠨ 27 ᠤ  ᠤᠷᠤᠢ᠂ ᠪᠠᠷᠠᠭᠤᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠠᠯᠬᠡᠨ  ᠠᠴᠠ ᠡᠷᠬᠢᠯᠡᠭᠰᠠᠨ ︽ᠰᠡᠳᠬᠢᠯ ᠢᠶᠠᠨ ᠨᠢᠭᠡᠳᠬᠡᠨ ᠬᠦᠰᠠᠯᠠᠩ ᠢᠶᠠᠨ ᠪᠠᠶᠠᠯᠠᠬᠦᠯᠵᠦ᠂ ᠲᠠᠣᠬᠡᠨ ᠬᠠᠭᠤᠳᠠᠰᠤ ᠪᠠᠨ ᠦᠷᠬᠦᠯᠵᠢᠯᠠᠨ ᠪᠢᠴᠢᠭᠯᠡᠶ᠎ᠠ︾ ᠤᠯᠤᠰ ᠪᠠᠶᠢᠭᠤᠯᠤᠭᠳᠠᠭᠰᠠᠨ 75 ᠵᠢᠯ ᠤᠨ ᠣᠶ ᠵᠢᠴᠢ ᠤᠯᠤᠰ ᠲᠥᠷᠥ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠣᠶ ᠶᠢ ᠪᠡᠯᠭᠡᠯᠡᠬᠦ ᠤᠷᠠᠨ ᠰᠠᠶᠢᠬᠠᠨ ᠤ ᠦᠳᠡᠰᠢᠯᠡᠭᠡ ᠬᠤᠷᠠᠯ ᠦᠵᠡᠰᠬᠦᠯᠠᠩ ᠤᠨ ᠲᠦᠪ ᠲᠤ  ᠶᠠᠪᠤᠭᠳᠠᠯ᠎ᠠ᠃    ᠬᠤᠰᠢᠭᠤ ᠳᠥᠷᠪᠡᠨ ᠶᠡᠭᠡ ᠤᠳᠣᠷᠢᠳᠬᠤ ᠪᠠᠭ ᠤᠨ ᠤᠳᠤᠷᠢᠳᠤᠯᠭ᠎ᠠ᠂ ᠬᠤᠰᠢᠭᠤ ᠤᠯᠤᠰ ᠲᠥᠷᠥ ᠶᠢᠨ ᠵᠥᠪᠯᠡᠯᠭᠡᠨ ᠤ ᠥᠩᠭᠡᠷᠡᠭᠰᠡᠨ ᠬᠤᠭᠤᠴᠠᠭᠠᠨ ᠤ ᠲᠡᠷᠢᠭᠦᠯᠡᠭᠴᠢ᠂ ᠳᠡᠳ᠋ ᠲᠡᠷᠢᠭᠦᠯᠡᠭᠴᠢ ᠨᠠᠷ ᠦᠳᠠᠰᠢᠯᠡᠭᠡ ᠰᠣᠨᠢᠷᠬᠠᠵᠡᠢ    ᠦᠳᠡᠰᠢᠯᠡᠭᠡ ᠨᠢ ︽ᠰᠠᠳᠬᠢᠯ ᠤᠨ ᠬᠤᠯᠪᠤᠭ᠎ᠠ︾ ᠬᠡᠬᠦ ᠲᠠᠭᠤᠤ ᠪᠦᠵᠢᠭ ᠤᠨ ᠳᠤᠮᠳᠠ  ᠡᠬᠢᠯᠠᠯᠳᠠ ᠶᠢᠨ ᠬᠥᠰᠢᠭᠡ ᠪᠠᠨ ᠰᠠᠬᠦᠵᠦ᠂ ᠭᠤᠶᠢᠳᠠ ᠰᠠᠶᠢᠬᠠᠨ ᠲᠤᠭᠯᠠᠯᠳᠠ ᠪᠠᠷ  ᠥᠩᠭᠡᠷᠡᠭᠰᠡᠨ ᠤ ᠲᠡᠦᠬᠡ ᠶᠢ ᠮᠥᠷᠳᠡᠵᠦ᠂  ᠴᠠᠭ ᠦᠶ᠎ᠠ ᠶᠢᠨ ᠬᠥᠭᠵᠢᠯ ᠪᠠᠳᠠᠷᠠᠯ ᠢ ᠮᠠᠭᠲᠠᠨ ᠲᠠᠭᠤᠯᠠᠵᠦ᠂ ᠪᠦᠬᠦ ᠬᠤᠰᠢᠭᠤᠨ ᠤ ᠨᠠᠮ ᠤᠨ ᠭᠡᠰᠢᠭᠦᠨ ᠺᠠᠳ᠋ᠷᠴᠤᠳ ᠤᠨ ᠭᠤᠣᠯᠳᠠᠯᠭ᠎ᠠ ᠶᠢᠨ ᠲᠣᠭᠤᠷᠢᠨ ᠳᠤ᠂ ᠶᠡᠭᠡ ᠲᠠᠯ᠎ᠠ ᠳᠤ ᠦᠢᠯᠡᠴᠢᠯᠡᠬᠦ ᠲᠡᠮᠡᠴᠡᠯ ᠤᠨ ᠵᠣᠷᠢᠭ ᠰᠠᠨᠠᠭ᠎ᠠ ᠶᠢ ᠠᠮᠢᠳᠤᠯᠢᠭ  ᠢᠶᠠᠷ ᠢᠯᠡᠷᠡᠭᠦᠯᠵᠦ᠂ ᠰᠢᠨ᠎ᠡ ᠴᠠᠭ ᠦᠶ᠎ᠡ ᠶᠢᠨ ᠪᠠᠷᠠᠭᠤᠨ ᠦᠵᠦᠮᠦᠴᠢᠨ ᠬᠤᠰᠢᠭᠤᠨ ᠤ ᠴᠢᠨᠠᠷ ᠰᠠᠶᠢᠲᠠᠢ ᠬᠥᠭᠵᠢᠯᠲᠡ  ᠶᠢᠨ ᠳᠦᠷᠢ ᠲᠥᠷᠬᠦ ᠶᠢ ᠢᠯᠠᠷᠡᠬᠦᠯᠦᠨ᠂ ︽ᠤᠯᠤᠰ ᠲᠦᠷᠦ ᠶᠢᠨ ᠵᠦᠪᠯᠠᠯᠬᠡᠨ ᠤ ᠲᠠᠭᠤᠤ︾ ᠨᠢ ᠤᠯᠤᠰ ᠲᠦᠷᠦ  ᠶᠢᠨ ᠵᠥᠪᠯᠡᠯᠭᠡᠨ ᠤ ᠭᠡᠰᠢᠭᠦᠳ ᠤᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠢᠳᠡᠪᠬᠢᠲᠡᠢ ᠪᠠᠷ ᠬᠠᠷᠢᠭᠤᠴᠠᠯᠭ᠎ᠠ ᠡᠭᠦᠷᠭᠡᠯᠡᠬᠦ ᠣᠮᠤᠭ ᠵᠣᠷᠢᠭ ᠢ ᠢᠯᠠᠳᠬᠡᠵᠦ᠂ ︽ᠮᠠᠯᠴᠢᠨ ᠲᠦᠮᠠᠨ ᠡᠪ ᠬᠠᠮᠲᠤ ᠨᠠᠮ ᠢᠶᠠᠨ ᠮᠠᠭᠳᠠᠨ ᠳᠠᠭᠤᠯᠠᠨ᠎ᠠ︾ ᠭᠡᠬᠦ ᠭᠤᠴᠣᠯᠠᠯ ᠳᠠᠭᠤᠤ ᠨᠢ ᠪᠦᠬᠦ ᠠᠷᠡᠳ ᠤᠨ ᠡᠬᠡ ᠤᠯᠤᠰ ᠢᠶᠠᠨ ᠬᠠᠶᠢᠷᠠᠯᠠᠬᠤ ᠰᠡᠳᠬᠢᠯᠭᠡ ᠶᠢ  ᠢᠯᠠᠷᠡᠬᠦᠯᠦᠭᠰᠠᠨ ᠪᠦᠬᠡᠳ ︽ᠡᠬᠡ ᠤᠷᠤᠨ ᠢᠶᠠᠨ ᠳᠠᠭᠤᠯᠠᠶ᠎ᠠ︾ ᠭᠡᠬᠦ ᠳᠠᠭᠤᠤ ᠶᠢ ᠬᠠᠮᠲᠤ ᠪᠠᠷ ᠳᠠᠭᠤᠯᠠᠵᠤ᠂ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠤᠢ ᠵᠢᠴᠢ ᠠᠷᠠᠳ ᠤᠨ ᠤᠯᠤᠰ ᠲᠦᠷᠦ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠤᠢ ᠳᠤ ᠬᠠᠮᠤᠭ ᠤᠨ ᠬᠠᠯᠠᠭᠤᠨ ᠵᠥᠩᠨᠡᠯ ᠳᠡᠪᠰᠢᠭᠦᠯᠵᠡᠢ᠃   ᠡᠯ᠎ᠡ ᠰᠤᠮᠤ ᠪᠠᠯᠭᠠᠰᠤ᠂ ᠡᠯ᠎ᠡ ᠰᠠᠯᠠᠭ᠎ᠠ ᠮᠥᠴᠢᠷ ᠤᠨ ᠬᠠᠷᠢᠭᠤᠴᠠᠯᠭᠠᠲᠠᠨ᠂ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ᠂ ᠰᠠᠭᠤᠭᠠᠯᠢ ᠠᠷᠠᠳ ᠵᠢᠴᠢ ᠮᠠᠯᠴᠢᠳ ᠲᠣᠭᠯᠠᠯᠲᠠ ᠶᠢ ᠰᠣᠨᠢᠷᠬᠠᠪᠠ᠃   ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ ᠤᠨ ᠬᠢᠨ ᠦᠳᠡᠰᠢᠯᠡᠭᠡ ᠶᠢ ᠰᠢᠩᠭᠡᠬᠡᠨ᠂ 9 ᠰᠠᠷ᠎ᠠ ᠶᠢᠨ 30  ᠤ ᠣᠷᠣᠢ ᠪᠠᠷᠠᠭᠤᠨ ᠦᠵᠦᠮᠦᠴᠢᠨ ᠬᠤᠰᠢᠭᠤᠨ ᠤ ᠷᠠᠳᠢᠣ᠋ ᠲᠧᠯᠸᠢᠰ ᠵᠢᠴᠢ ᠪᠠᠷᠠᠭᠤᠨ ᠦᠵᠦᠮᠦᠴᠢᠨ ᠤ ᠨᠡᠶᠢᠲᠡᠯᠡᠯ᠂ ᠪᠠᠷᠠᠭᠤᠨ ᠦᠵᠦᠮᠦᠴᠢᠨ ᠤ ᠨᠡᠶᠢᠲᠡᠯᠡᠯ ᠤᠨ ᠮᠣᠩᠭᠤᠯ ᠬᠡᠯᠡᠨ ᠤ ᠲᠠᠪᠴᠠᠩ ᠵᠡᠷᠭᠡ  ᠢᠶᠠᠷ ᠳᠠᠮᠵᠢᠭᠤᠯᠤᠨ  ᠦᠵᠡᠭᠴᠢᠳ ᠲᠦᠮᠠᠨ ᠳᠡᠭᠡᠨ ᠭᠦᠷᠬᠡᠬᠦ ᠪᠤᠯᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号