ᠭᠦᠳᠡᠭᠡ ᠨᠤᠳᠤᠭ ᠠᠴᠠ ᠬᠠᠩᠬᠢᠨᠠᠭᠰᠠᠨ ᠭᠦᠭᠵᠢᠯ ᠤᠨ ᠲᠠᠭᠤ
ᠨᠡᠶᠢᠲᠡᠯᠡᠭᠰᠡᠨ ᠴᠠᠭ᠄
2024/10/8
      ᠨᠠᠮᠤᠷ ᠤᠨ ᠬᠤᠩᠭᠤᠷ ᠰᠠᠯᠬᠢ ᠬᠠᠴᠠᠷ ᠢᠯᠪᠢᠵᠦ᠂ ᠡᠬᠡ ᠭᠠᠵᠠᠷ ᠠᠯᠳᠠᠨ ᠦᠩᠬᠡ ᠪᠠᠷ ᠰᠢᠷᠭᠠᠯᠳᠣᠨ᠂ ᠠᠯᠤᠰ ᠲᠠᠷᠳᠡᠭᠡ ᠠᠳᠣᠭᠤ ᠮᠠᠯ ᠲᠠᠪᠠᠳᠠᠶᠢᠬᠠᠨ ᠪᠠᠯᠴᠢᠵᠦ᠂ ᠦᠵᠦᠮᠦᠴᠢᠨ ᠨᠤᠳᠤᠭ ᠲᠤ ᠮᠢᠨᠢ ᠪᠠᠰᠠ ᠨᠢᠬᠡᠨ ᠦᠩᠰᠢᠭ ᠵᠢᠯ ᠪᠤᠯᠤᠭᠰᠠᠨ ᠢ ᠮᠠᠳᠠᠷᠡᠬᠦᠯᠤᠨ᠎ᠠ᠃ 9 ᠰᠠᠷ᠎ᠡ ᠶᠢᠨ ᠲᠤᠮᠳᠠᠴᠢ ᠪᠠᠷ ᠮᠠᠨ ᠤ ᠰᠣᠷᠪᠤᠯᠵᠢᠯᠠᠭ᠎ᠠ ᠶᠢᠨ ᠪᠠᠭ ᠤᠨ ᠬᠢᠨ ᠪᠠᠷᠠᠭᠤᠨ ᠦᠵᠦᠮᠦᠴᠢᠨ ᠬᠤᠰᠢᠭᠤᠨ ᠤ ᠭᠤᠷᠤᠬᠠᠨ ᠪᠠᠯᠭᠠᠰᠣᠨ ᠤ ᠲᠤᠯᠭ᠎ᠠ ᠭᠠᠴᠠᠭᠠᠨ ᠤ ᠮᠠᠯᠴᠢᠨ ᠭᠦᠭᠵᠢᠯᠳᠣ ᠶᠢᠨ ᠳᠤ ᠭᠦᠷᠴᠦ᠂ ᠲᠠᠳᠠᠨᠠᠶᠢᠬᠢᠨ ᠤ ᠠᠮᠢᠳᠣᠷᠠᠯ ᠠᠬᠤᠢ ᠶᠢᠨ ᠭᠦᠭᠵᠢᠯ ᠬᠤᠪᠢᠷᠠᠯ ᠢ ᠨᠢ ᠦᠢᠯᠠᠭᠠᠭᠰᠠᠨ ᠪᠢᠯᠠ᠃      ᠪᠠᠶᠠᠵᠢᠯ ᠤᠨ ᠵᠠᠮ ᠡᠬᠦᠳᠠ ᠪᠠᠷ ᠨᠢ ᠰᠣᠨᠤᠯᠵᠠᠨ᠂ ᠮᠠᠳᠡᠭᠡ ᠵᠠᠩᠬᠢ ᠶᠢᠨ ᠲᠦᠷᠬᠡᠨ ᠭᠦᠭᠵᠢᠯᠳᠠ ᠶᠢ ᠠᠯᠠᠭᠠᠨ ᠲᠠᠬᠡᠷ᠎ᠡ ᠪᠠᠨ ᠡᠵᠡᠮᠳᠡᠭᠰᠠᠨ ᠰᠢᠨ᠎ᠠ ᠴᠠᠭ ᠤᠨ ᠵᠠᠯᠠᠭᠤ ᠮᠠᠯᠴᠢᠨ ᠭᠦᠭᠵᠢᠯᠳᠣ ᠶᠢᠨ ᠬᠢ ᠰᠢᠨ᠎ᠠ ᠮᠠᠶ᠋ᠢᠭ ᠤᠨ ᠲᠤᠭᠤᠰᠬᠠᠨ ᠪᠠᠶᠢᠰᠢᠩ ᠳᠠᠭᠠᠨ ᠵᠤᠴᠢᠨ ᠤ ᠦᠷᠣᠬᠡ᠂ ᠤᠨᠳᠠᠯᠭ᠎ᠠ ᠶᠢᠨ ᠦᠷᠣᠬᠡ᠂ ᠲᠤᠭᠤᠭᠠᠨ ᠬᠡᠷ᠂ ᠤᠬᠢᠶᠠᠯᠭ᠎ᠠ ᠶᠢᠨ ᠦᠷᠣᠬᠡ ᠬᠡᠵᠦ ᠠᠰ ᠠᠰ ᠲᠤᠨᠢ ᠰᠠᠯᠭᠠᠨ ᠲᠤᠬᠢᠷᠠᠭᠤᠯᠵᠦ᠂ ᠭᠠᠵᠠᠷ ᠲᠤᠤᠭᠤᠷ ᠢᠶᠠᠨ ᠲᠤᠯᠠᠭᠠᠯᠭ᠎ᠠ ᠶᠢᠨ ᠲᠦᠭᠦᠬᠡᠷᠣᠮᠵᠢ ᠤᠭᠰᠠᠷᠠᠨ᠂ ᠴᠠᠬᠢᠯᠭᠠᠨ ᠬᠡᠷᠡᠭᠰᠠᠯ ᠡᠨᠡ ᠲᠠᠷᠠ ᠪᠦᠷᠢᠨ ᠲᠦᠭᠦᠷ ᠪᠠᠶᠢᠵᠦ᠂ ᠬᠤᠳᠠ ᠶᠢᠨ ᠠᠮᠢᠳᠣᠷᠠᠯ ᠠᠴᠠ ᠠᠬᠠᠳᠠᠬᠤ ᠠᠴᠠ ᠪᠢᠰᠢ ᠲᠤᠤᠷᠠᠳᠠᠬᠤ ᠦᠬᠡᠢ  ᠪᠠᠶᠢᠯ᠎ᠠ᠃     ᠭᠦᠭᠵᠢᠯᠳᠣ ᠨᠢ 2019 ᠤᠨ ᠠᠴᠠ ᠡᠬᠢᠯᠠᠨ᠂ ᠨᠤᠳᠤᠭ ᠪᠠᠯᠴᠢᠬᠡᠷ ᠤᠨ ᠲᠠᠭᠠᠭᠠᠴᠠ᠂ ᠵᠠᠬ᠎ᠠ ᠲᠠᠯᠬᠡᠭᠦᠷ ᠤᠨ ᠦᠨ᠎ᠠ ᠬᠠᠩᠰᠢ ᠶᠢᠨ ᠬᠡᠯᠪᠡᠯᠵᠠᠯᠳᠠ ᠳᠤ ᠲᠤᠬᠢᠷᠠᠭᠤᠯᠤᠨ᠂ 100 ᠭᠠᠷᠤᠢ ᠦᠬᠡᠷ ᠢᠶᠠᠨ ᠴᠦᠬᠡᠳᠬᠡᠵᠦ᠂ ᠬᠤᠨᠢ ᠪᠠᠷ ᠭᠤᠤᠯᠳᠠᠭᠤᠯᠤᠨ᠂ ᠦᠵᠦᠮᠦᠴᠢᠨ ᠦᠷ᠎ᠠ ᠶᠢᠨ ᠮᠠᠯ ᠢ ᠰᠢᠯᠢᠳᠡᠭᠵᠢᠬᠦᠯᠤᠨ ᠮᠠᠯᠵᠢᠵᠦ ᠶᠠᠪᠤᠭ᠎ᠠ ᠶᠤᠮ᠃ ᠪᠢᠳᠠ ᠫᠧᠩ ᠬᠤᠷᠢᠶ᠎ᠠ ᠵᠡᠷᠬᠡ ᠰᠠᠭᠤᠷᠢ ᠪᠦᠳᠦᠬᠡᠨ ᠪᠠᠶᠢᠭᠤᠯᠤᠯᠳᠠ ᠶᠢ ᠨᠢ ᠦᠢᠯᠠᠭᠠᠬᠤ ᠵᠠᠭᠤᠷ᠎ᠠ ᠬᠢᠩᠭᠠᠨ ᠠᠶᠢᠮᠠᠭ ᠤᠨ ᠮᠠᠯᠴᠢᠨ ᠢᠷᠡᠵᠦ ᠂ ᠦᠵᠦᠮᠦᠴᠢᠨ ᠦᠷ᠎ᠠ ᠶᠢᠨ ᠮᠠᠯ  ᠬᠤᠳᠠᠯᠳᠣᠨ ᠠᠪᠤᠭᠰᠠᠨ ᠠᠷᠡᠯᠵᠢᠶᠠᠨ ᠤ ᠪᠠᠶᠠᠰᠣᠯ ᠢ ᠨᠢ ᠬᠤᠪᠢᠶᠠᠯᠴᠠᠯ᠎ᠠ᠃     ᠭᠦᠳᠠᠷ ᠴᠢᠬᠢᠷᠠᠭ ᠪᠠᠶ᠎ᠠ ᠳᠡᠭᠡᠨ ᠭᠦᠳᠠᠯᠮᠤᠷᠢ ᠤᠬᠠᠭᠠᠨ ᠤ ᠤᠴᠢ ᠪᠠᠳᠠᠷᠠᠭᠠᠵᠦ᠂ ᠭᠦᠷᠦᠰᠦᠯᠢᠭ ᠪᠤᠷᠤ ᠴᠢᠷᠠᠢ ᠳᠠᠭᠠᠨ ᠪᠠᠶᠠᠷ ᠤᠨ ᠢᠨᠢᠶᠠᠳᠣ ᠲᠤᠳᠣᠷᠠᠭᠤᠯᠤᠭᠰᠠᠨ ᠭᠦᠭᠵᠢᠯᠳᠣ ᠭᠤᠷᠪᠠᠨ ᠨᠠᠰᠣᠨ ᠳᠠᠭᠠᠨ ᠡᠵᠢ ᠠᠴᠠ ᠪᠠᠨ ᠦᠨᠦᠴᠢᠷᠠᠵᠦ᠂ ᠠᠮᠢᠳᠣᠷᠠᠯ ᠤᠨ ᠬᠠᠳᠠᠭᠤ ᠪᠠᠷᠬᠡ ᠪᠠᠶᠠᠷ ᠪᠠᠭ᠋ᠠᠳᠣᠯ ᠢ ᠠᠪᠤ᠂ ᠡᠬᠡᠴᠢ ᠠᠬ᠎ᠠ ᠲᠠᠢ ᠪᠠᠨ ᠲᠤᠭᠤᠯᠵᠦ ᠢᠷᠡᠭᠰᠠᠨ ᠪᠤᠯᠬᠤᠷ ᠦᠩᠬᠡᠷᠡᠬᠦᠯᠦᠭᠰᠠᠨ ᠠᠮᠢᠳᠣᠷᠠᠯ ᠢᠶᠠᠨ ᠲᠤᠷᠠᠰᠬᠤ ᠳᠤ ︽ᠠᠪᠤ ᠮᠢᠨᠢ ᠮᠤᠨᠳᠠᠭ ᠬᠦᠮᠦᠨ ᠪᠠᠶᠢᠭᠰᠠᠨ ᠡ︾ ᠬᠡᠵᠦ ᠦᠪᠡᠷ ᠤᠨ ᠡᠷᠬᠡ ᠦᠭᠡᠢ ᠨᠢᠯᠪᠤᠰᠣ ᠪᠦᠮᠪᠦᠷᠢᠬᠦᠯᠤᠯ᠎ᠠ᠃     ᠡᠶᠢᠨᠬᠦ ᠭᠦᠭᠵᠢᠯᠳᠣ ᠶᠢᠨ ᠬᠢ ᠲᠠᠢ ᠠᠳᠠᠯᠢ ᠪᠠᠷ ᠦᠵᠦᠮᠦᠴᠢᠨ ᠨᠤᠳᠤᠭ ᠤᠨ ᠮᠠᠯᠴᠢᠳ ᠮᠠᠨᠢ ᠤᠨ ᠴᠠᠭ ᠤᠨ ᠬᠤᠪᠢᠰᠣᠯ ᠭᠦᠭᠵᠢᠯ ᠢ ᠦᠩᠬᠡᠷᠡᠬᠦᠯᠦᠨ᠂ ᠤᠤᠯ ᠤᠨ ᠬᠠᠳᠠᠭᠤ ᠪᠠᠷᠬᠡ᠂ ᠨᠦᠬᠦᠴᠠᠯ ᠪᠤᠯᠤᠮᠵᠢ ᠠᠨᠠᠢ ᠠᠮᠢᠳᠣᠷᠠᠯ ᠠᠬᠤᠢ  ᠠᠴᠠ ᠠᠩᠬᠢᠵᠢᠷᠠᠨ᠂ ᠨᠠᠮ ᠲᠦᠷᠦ ᠶᠢᠨ ᠪᠦᠳᠦᠬᠡᠨ ᠪᠠᠶᠢᠭᠤᠯᠤᠯᠳᠠ᠂ ᠬᠠᠶᠢᠷ᠎ᠠ ᠬᠠᠯᠠᠮᠵᠢ ᠶᠢᠨ ᠰᠠᠶᠢᠨ ᠢᠶᠠᠷ ᠠᠮᠢᠳᠣᠷᠠᠯ ᠦᠢᠯᠠᠳᠪᠤᠷᠢᠯᠠᠯ ᠤᠨ ᠰᠠᠭᠤᠷᠢ ᠪᠦᠳᠦᠬᠡᠨ ᠪᠠᠶᠢᠭᠤᠯᠤᠯᠳᠠ᠂  ᠮᠠᠯᠵᠢᠯ ᠤᠨ ᠠᠷᠭ᠎ᠠ ᠬᠡᠯᠪᠡᠷᠢ᠂ ᠮᠠᠳᠡᠭᠡ ᠵᠠᠩᠬᠢᠵᠢᠯᠳᠠ ᠵᠢᠴᠢ ᠡᠮ ᠡᠮᠨᠡᠯᠬᠡ᠂ ᠰᠣᠷᠭᠠᠨ ᠬᠦᠮᠦᠵᠢᠯ ᠤᠨ ᠨᠦᠬᠦᠴᠠᠯ ᠡᠳᠦᠷ ᠢᠷᠡᠬᠦᠶ᠎ᠠ ᠰᠠᠶᠢᠵᠢᠷᠠᠵᠦ᠂ ᠮᠠᠯᠴᠢᠳ ᠮᠠᠨᠢ ᠪᠠᠶᠠᠷ ᠵᠢᠷᠭᠠᠯ ᠤᠨ ᠢᠨᠢᠶᠠᠳᠣ ᠪᠢᠯᠬᠠᠭᠤᠯᠤᠨ᠂ ᠰᠢᠨ᠎ᠡ ᠴᠠᠭ ᠦᠶ᠎ᠡ ᠶᠢᠨ ᠠᠶᠠᠨ ᠵᠠᠮ ᠳᠤ ᠡᠬᠡ ᠤᠯᠤᠰ ᠲᠠᠢ ᠪᠠᠨ ᠬᠠᠮᠲᠤ ᠪᠠᠷ ᠡᠷᠡᠯᠬᠡᠭᠯᠡᠨ ᠤᠷᠤᠭᠰᠢᠯᠠᠵᠤ᠂ ᠨᠡᠩ ᠭᠡᠷᠡᠯ ᠰᠠᠴᠤᠷᠠᠩᠭᠤᠢ ᠲᠠᠣᠬᠡ ᠶᠢ ᠪᠢᠴᠢᠭᠯᠡᠨ᠎ᠡ  ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号