ᠮᠠᠯᠴᠢᠨ ᠵᠠᠯᠠᠭᠤ ᠵᠣᠯᠪᠣᠭ᠎ᠠ ᠶᠢᠨ ᠮᠣᠷᠢ ᠭᠠᠳᠠᠨ᠎ᠠ ᠮᠣᠵᠢ ᠳᠤ ᠲᠡᠷᠢᠬᠦᠯᠡᠪᠡ
ᠨᠡᠶᠢᠲᠡᠯᠡᠭᠰᠡᠨ ᠴᠠᠭ᠄
2024/10/14
     ᠣᠷᠴᠢᠮᠬᠠᠨ ᠪᠠᠷᠠᠭᠤᠨ ᠦᠵᠦᠮᠦᠴᠢᠨ ᠬᠤᠰᠢᠭᠤᠨ ᠤ ᠭᠤᠷᠣᠬᠠᠨ ᠪᠠᠯᠭᠠᠰᠣᠨ ᠤ ᠣᠩᠭᠤᠨ ᠭᠠᠴᠠᠭᠠᠨ ᠤ ᠮᠠᠯᠴᠢᠨ ᠵᠠᠯᠠᠭᠤ ᠵᠣᠯᠪᠣᠭ᠎ᠠ ᠶᠢᠨ ᠣᠶᠠᠭᠰᠠᠨ ᠮᠣᠷᠢ᠂ ᠭᠠᠳᠠᠨ᠎ᠠ ᠮᠣᠵᠢ ᠳᠤ ᠭᠦᠷᠴᠣ ᠲᠡᠷᠢᠭᠦᠯᠡᠭᠰᠡᠨ ᠰᠠᠶᠢᠬᠠᠨ ᠴᠢᠮᠡᠭᠡ ᠬᠤᠯᠪᠣᠭ᠎ᠠ ᠰᠦᠯᠵᠢᠶ᠎ᠠ ᠪᠠᠷ ᠬᠦᠮᠦᠰ ᠤᠨ ᠠᠩᠬᠠᠷᠣᠯ ᠳᠤ  ᠬᠦᠷᠴᠦ᠂ ᠪᠢᠳᠡ ᠴᠦ ᠣᠷᠣᠯᠳᠣᠭᠠᠨ ᠤ ᠨᠠᠷᠢᠨ ᠪᠠᠶᠢᠳᠠᠯ ᠢ ᠣᠶᠢᠯᠠᠭᠠᠬᠤ ᠪᠠᠷ ᠲᠡᠭᠦᠨ ᠲᠠᠢ ᠠᠭᠤᠯᠵᠠᠭᠰᠠᠨ ᠶᠣᠮ᠃      ᠣᠯᠣᠰ ᠪᠠᠶᠢᠭᠤᠯᠣᠭᠳᠠᠭᠰᠠᠨ 75  ᠵᠢᠯ ᠤᠨ ᠣᠢ ᠶᠢᠨ ᠪᠠᠶᠠᠷ ᠬᠦᠷᠴᠦ ᠢᠷᠡᠭᠰᠡᠨ ᠲᠠᠰᠢᠷᠠᠮ ᠢᠶᠠᠷ 10 ᠰᠠᠷ᠎ᠠ ᠶᠢᠨ2 ᠤ ᠡᠳᠦᠷ᠂ ᠰᠧᠴᠣᠸᠠᠨ ᠮᠣᠵᠢ ᠶᠢᠨ ᠭᠠᠩ ᠽᠢ ᠵᠸᠦ ᠶᠢᠨ ᠳ᠋ᠠ ᠲᠠᠩ ᠰᠢᠶᠠᠨ ᠳᠤ ︿ᠲᠣᠮᠳᠠᠳᠣ ᠣᠯᠣᠰ ᠤᠨ ᠮᠣᠷᠢᠨ ᠣᠷᠣᠯᠳᠣᠭᠠᠨ﹀ ᠢ ᠵᠣᠬᠢᠶᠠᠨ ᠪᠠᠶᠢᠭᠤᠯᠣᠨ ᠶᠠᠪᠣᠭᠳᠠᠵᠣ᠂ ᠪᠠᠷᠠᠭᠤᠨ ᠦᠵᠦᠮᠦᠴᠢᠨ ᠨᠣᠳᠤᠭ  ᠲᠠᠢ ᠮᠠᠯᠴᠢᠨ ᠵᠠᠯᠠᠭᠤ ᠡᠨᠡᠬᠦ ᠬᠠᠯᠠᠭᠤᠨ ᠴᠢᠮᠡᠭᠡ ᠶᠢ ᠰᠣᠨᠣᠰᠴᠣ ᠡᠨᠡ ᠵᠢᠯ ᠣᠯᠠᠨ ᠣᠷᠣᠯᠳᠣᠭᠠᠨ ᠳᠤ ᠣᠷᠣᠯᠴᠠᠭᠤᠯᠣᠭᠠᠳ ᠪᠠᠶᠢᠭᠰᠠᠨ ᠬᠤᠷᠳᠣᠨ ᠮᠣᠷᠢ ᠪᠠᠨ ᠠᠪᠴᠦ ᠡᠨᠡᠬᠦ ᠣᠷᠣᠯᠳᠣᠭᠠᠨ ᠢ ᠵᠣᠷᠢᠨ ᠬᠦᠷᠴᠣ᠂ ᠮᠧᠲᠷ ᠭᠤᠴᠢᠨ ᠲᠠᠪᠤ ᠠᠴᠠ ᠲᠣᠷᠣᠭᠰᠢᠬᠢ ᠪᠠᠷᠢᠮᠵᠢᠶᠠᠨ ᠤ ᠮᠣᠷᠢᠨ ᠣᠷᠣᠯᠳᠣᠭᠠᠨ ᠳᠤ᠂ 5000 ᠮᠧᠲᠷ ᠪᠣᠯᠣᠨ ᠲᠦᠮᠡᠨ ᠮᠧᠲᠷ ᠤᠨ ᠬᠢᠨᠢ ᠣᠷᠣᠯᠳᠣᠭᠠᠨ ᠳᠤ ᠮᠣᠷᠢ ᠪᠠᠨ ᠠᠪᠴᠦ ᠣᠷᠣᠯᠴᠠᠭᠰᠠᠨ ᠪᠠᠶᠢᠨ᠎ᠠ᠃     ᠲᠣᠰ ᠣᠳᠠᠭᠠᠨ ᠤ ᠮᠣᠷᠢᠨ ᠣᠷᠣᠯᠳᠣᠭᠠᠨ   ᠢ ᠳ᠋ᠠ ᠲᠠᠩ ᠰᠢᠶᠠᠨ ᠤ ᠪᠠ  ᠢ ᠠᠳᠣᠭᠤᠨ ᠤ ᠲᠠᠯᠠᠪᠠᠢ ᠠᠴᠠ ᠡᠷᠬᠢᠯᠡᠵᠦ ᠣᠯᠠᠨ ᠭᠠᠵᠠᠷ ᠤᠨ ᠮᠣᠷᠢᠳ ᠣᠷᠣᠯᠴᠠᠭᠰᠠᠨ ᠪᠠᠶᠢᠵᠣ᠂ ᠣᠷᠣᠯᠳᠣᠭᠠᠨ ᠤ ᠳ᠋ᠦᠩ ᠳᠤ ᠮᠠᠯᠴᠢᠨ ᠵᠣᠯᠪᠣᠭ᠎ᠠ  ᠶᠢᠨ ᠮᠣᠷᠢ ᠨᠢ 5000 ᠮᠧᠲᠷ ᠤᠨ ᠲᠡᠷᠢᠬᠦᠨ ᠪᠠᠶᠢᠷᠢᠨ ᠳᠤ᠂10000 ᠮᠧᠲᠷ ᠤᠨ ᠭᠤᠷᠪᠠᠳᠣᠭᠠᠷ ᠪᠠᠶᠢᠷᠢᠨ ᠳᠤ ᠲᠣᠰ ᠲᠣᠰ  ᠳᠣᠳᠣᠷᠠᠵᠣ᠂  ᠬᠤᠯᠠ ᠨᠣᠳᠤᠭ ᠠᠴᠠ ᠵᠣᠷᠢᠵᠣ ᠬᠦᠷᠦᠭᠰᠡᠨ ᠡᠵᠡᠨ ᠤ ᠪᠠᠨ ᠬᠦᠰᠡᠯ ᠮᠦᠷᠦᠭᠡᠳᠦᠯ ᠢ ᠪᠡᠶᠡᠯᠡᠬᠦᠯᠦᠭᠰᠡᠨ ᠪᠦᠭᠡᠳ ᠵᠣᠯᠪᠣᠭ᠎ᠠ ᠶᠢᠨ ᠬᠤᠷᠳᠣᠨ ᠬᠦᠯᠦᠭ ᠨᠢ ᠲᠡᠨᠳᠡᠬᠢ ᠬᠦᠮᠦᠰ ᠤᠨ ᠠᠩᠬᠠᠷᠣᠯ ᠪᠠᠭ᠋ᠠᠷᠬᠠᠯ ᠳᠤ  ᠬᠦᠷᠦᠭᠰᠡᠨ ᠢᠶᠠᠷ ᠪᠠ ᠢ ᠠᠳᠣᠭᠤᠨ ᠲᠠᠯᠠᠪᠠᠢ ᠶᠢᠨ ᠡᠵᠡᠩᠨᠡᠭᠴᠢ ᠠᠴᠠ ᠮᠣᠷᠢ ᠶᠢ ᠨᠢ ᠦᠨᠳᠦᠷ ᠦᠨ᠎ᠡ ᠪᠠᠷ ᠦᠯᠡᠳᠡᠭᠡᠨ ᠠᠪᠣᠭᠰᠠᠨ ᠪᠠᠶᠢᠨ᠎ᠠ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号