ᠴᠠᠭ ᠦᠶ᠎ᠡ ᠲᠡᠭᠡᠨ ᠲᠤᠬᠢᠷᠠᠬᠰᠡᠨ  ︽ᠴᠠᠭᠠᠨ ᠬᠠᠳᠠ ︾ ᠡᠪᠡᠰᠤᠨ ᠤ ᠦᠢᠯᠡᠰ ᠤᠨ ᠲᠤᠰᠬᠠᠢ ᠬᠤᠷᠰᠢᠶᠠᠵᠢᠯ
ᠨᠡᠶᠢᠲᠡᠯᠡᠭᠰᠡᠨ ᠴᠠᠭ᠄
2024/1/25
                                                             ᠵᠢᠷ ᠤᠨ ᠭᠤᠤᠯ ᠪᠠᠯᠭᠠᠰᠤᠨ ᠤ ᠵᠢᠭᠠᠰᠤᠳᠡᠢ ᠭᠠᠴᠠᠭᠠᠨ ᠤ ᠲᠠᠪᠤᠨ ᠡᠷᠦᠬᠡ ᠪᠠᠷ ᠬᠤᠯᠪᠤᠭᠠᠯᠠᠬᠰᠡᠨ ︽ᠴᠠᠭᠠᠨ ᠬᠠᠳᠡ ᠡᠪᠡᠰᠤᠨ ᠤ ᠦᠢᠯᠡᠰ ᠤᠨ ᠲᠤᠰᠬᠠᠢ ᠬᠤᠷᠰᠢᠶᠠᠵᠢᠯ  ︾   ᠨᠢ  2013 ᠤᠨ 5 ᠰᠠᠷ᠎ᠠ ᠶᠢᠨ 20 ᠤ ᠡᠳᠦᠷ  ᠪᠠᠶᠢᠭᠤᠯᠤᠬᠰᠡᠨ ᠪᠠᠶᠢᠨ᠎ᠠ᠃      ︽ᠬᠤᠷᠰᠢᠶᠠᠵᠢᠯ  ︾ ᠨᠢ ᠠᠩᠬ᠎ᠠ ᠪᠠᠶᠢᠭᠤᠯᠤᠬᠳᠡᠬᠤ ᠦᠶ᠎ᠠ ᠳᠤ 5 ᠡᠷᠦᠬᠡ ᠨᠢ 4 ᠲᠦᠮᠡ ᠭᠠᠷᠤᠢ ᠮᠤ᠋ ᠬᠠᠳᠤᠯᠠᠩ ᠭᠠᠷᠭᠠᠨ᠂ 10 ᠲᠦᠮᠡᠨ ᠲᠦᠬᠦᠷᠢᠭ ᠤᠨ ᠪᠡᠯᠡ  ᠤᠷᠤᠭᠤᠯᠤᠨ ᠪᠠᠶᠢᠭᠤᠯᠤᠭᠰᠠᠨ ᠮᠦᠷᠳᠠᠬᠡᠨ 2015 ᠤᠨ  ᠂ ᠬᠤᠰᠢᠭᠤ ᠡᠳ᠋ ᠤᠨ ᠵᠠᠰᠠᠭ ᠤᠨ ᠲᠤᠪᠴᠢᠶ᠎ᠠ᠂  ᠦᠡᠳᠦᠰᠦᠳᠡᠨ ᠤ ᠬᠡᠷᠡᠭ ᠡᠷᠬᠢᠯᠡᠬᠦ ᠲᠤᠪᠴᠢᠶ᠎ᠠ ᠠᠴᠠ  ᠲᠦᠷᠦᠯ ᠵᠦᠢᠯ ᠤᠨ ᠪᠡᠯᠡ ᠮᠦᠡᠭᠬᠦ  ᠡᠷᠡᠮᠠᠯᠵᠠᠯᠠᠨ  ᠤᠯᠵᠦ᠂ 1000 ᠬᠠᠪᠳᠠᠭᠠᠢ ᠲᠦᠷᠪᠡᠯᠵᠢᠨ ᠲᠠᠯᠠᠪᠠᠢ ᠲᠠᠢ ᠡᠪᠡᠰᠦ ᠬᠠᠳᠠᠭᠠᠯᠠᠬᠤ ᠫᠸᠡᠭ  ᠂ ᠡᠪᠡᠰᠦ ᠬᠠᠳᠤᠬᠤ ᠮᠠᠰᠢᠨ᠂ ᠡᠪᠡᠰᠦ ᠪᠤᠭᠤᠵᠢᠭᠤᠯᠬᠤ ᠮᠠᠰᠢᠨ ᠵᠡᠷᠬᠡ ᠰᠠᠭᠤᠷᠢ ᠪᠦᠳᠦᠬᠡᠨ ᠪᠠᠶᠢᠭᠤᠯᠤᠯᠳᠠ   ᠪᠠᠨ  ᠴᠢᠩᠭᠠᠳᠬᠠᠵᠦ  ᠂  ᠤᠷᠢᠤᠨ ᠬᠤᠵᠢᠤᠨ ᠬᠤᠷᠰᠢᠶᠠᠵᠢᠯ ᠤᠨ ᠶᠠᠷᠤᠩᠬᠢ ᠪᠡᠯᠡ ᠤᠷᠤᠭᠤᠯᠤᠯᠳᠡ ᠨᠢ 300 ᠲᠦᠮᠡᠨ ᠲᠦᠬᠦᠷᠢᠭ   ᠲᠤ ᠬᠦᠷᠦᠭᠰᠡᠨ ᠪᠠᠶᠢᠨ᠎ᠠ᠃     ︽ᠬᠤᠷᠰᠢᠶᠠᠵᠢᠯ  ︾ ᠨᠢ  ᠪᠠᠶᠢᠭᠤᠯᠤᠬᠳᠡᠬᠰᠡᠨ ᠠᠴᠠ ᠪᠠᠨ ᠨᠠᠰᠢ  ᠂ ᠵᠢᠯ ᠪᠦᠷᠢ ᠬᠠᠳᠤᠯᠠᠩ ᠤᠨ ᠬᠤᠭᠤᠴᠠᠭᠠᠨ ᠳᠤ ᠵᠢᠭᠠᠰᠤᠳᠡᠢ ᠭᠠᠴᠠᠭ᠎ᠠ ᠪᠤᠯᠤᠨ ᠵᠡᠷᠬᠡᠯᠳᠡᠭᠡ ᠭᠠᠴᠠᠭᠠᠨ ᠤ 30 ᠭᠠᠷᠤᠢ ᠮᠠᠯᠴᠢᠤᠨ ᠢ ᠲᠠᠳᠠᠵᠦ ᠬᠡᠷᠡᠭᠯᠡᠵᠦ᠂  ᠮᠠᠯᠵᠢᠬᠤ ᠤᠷᠤᠨ ᠤ ᠢᠯᠡᠬᠦᠴᠡ ᠬᠦᠳᠡᠯᠮᠦᠷᠢ ᠬᠦᠴᠦᠨ ᠳᠤ ᠮᠠᠯᠵᠢᠯ ᠪᠤᠰᠤ ᠤᠷᠤᠯᠭ᠎ᠠ ᠤᠯᠬᠤ ᠲᠠᠪᠴᠠᠩ ᠬᠠᠨᠭ᠍ᠭᠠᠨ  ᠦᠭᠳᠡᠭ ᠪᠠᠶᠢᠨ᠎ᠠ᠃     2023 ᠤᠨ ᠳᠤ ᠲᠤᠰ ᠬᠤᠷᠰᠢᠶᠠᠵᠢᠯ ᠤᠨ ᠬᠢᠨ 3 — 4 ᠲᠦᠮᠡᠨ ᠤ ᠬᠠᠳᠤᠯᠠᠩ ᠠᠴᠠ  80 ᠭᠠᠷᠤᠢ ᠲᠦᠮᠡᠨ ᠲᠦᠬᠦᠷᠢᠭ ᠤᠨ ᠤᠷᠤᠯᠭ᠎ᠠ  ᠤᠯᠵᠦ᠂ ᠬᠡᠰᠢᠬᠦᠳ ᠤᠨ ᠢᠶᠠᠨ ᠮᠠᠯᠵᠢᠯ ᠤᠨ ᠪᠤᠰᠣ  ᠤᠷᠤᠯᠭ᠎ᠠ ᠶᠢ ᠨᠡᠮᠡᠭᠳᠠᠬᠦᠯᠵᠦ ᠴᠢᠳᠠᠭᠰᠠᠨ ᠢᠶᠠᠷ ᠪᠠᠷᠠᠬᠤ ᠦᠭᠡᠢ᠂ ᠬᠤᠷᠰᠢᠶᠠᠵᠢᠯ ᠤᠨ ᠲᠤᠭᠳᠠᠮᠠᠯ ᠭᠦᠷᠣᠩᠬᠡ ᠨᠢ800 ᠭᠠᠷᠤᠢ ᠲᠦᠮᠠᠨ  ᠲᠦᠭᠦᠷᠢᠭ ᠲᠤ ᠭᠦᠷᠴᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号