ᠮᠠᠯᠴᠢᠨ ᠤᠷᠠᠨ᠎ᠠ ᠶᠢᠨ ᠵᠠᠬ᠎ᠠ ᠲᠡᠯᠬᠡᠬᠦᠷ ᠲᠤ ᠵᠤᠬᠢᠴᠠᠭᠰᠠᠨ ᠤᠬᠠᠭᠠᠨ
ᠨᠡᠶᠢᠲᠡᠯᠡᠭᠰᠡᠨ ᠴᠠᠭ᠄
2024/1/2
                                              ᠰᠢᠨ᠎ᠡ ᠡᠷᠡᠨ ᠤ ᠮᠠᠯᠴᠢᠤᠨ ᠮᠢᠨᠢ ᠰᠢᠨ᠎ᠡ ᠴᠠᠭ ᠦᠶ᠎ᠡ ᠶᠢᠨ ᠤᠷᠤᠰᠬᠠᠯ ᠢ ᠲᠠᠭᠠᠨ᠂ ᠬᠤᠳᠡᠯᠳᠤᠭ᠎ᠠ ᠮᠠᠶᠢᠮᠠᠢ ᠡᠷᠬᠢᠯᠡᠬᠡᠤᠨ ᠵᠠᠬ᠎ᠠ ᠲᠡᠯᠬᠡᠬᠦᠷ ᠤᠨ ᠦᠷᠢᠰᠦᠯᠳᠦᠬᠡᠨ ᠤ ᠲᠤᠮᠳᠡ ᠦᠪᠡᠷ ᠦᠪᠡᠷ ᠤᠨ ᠤᠷᠤᠨ ᠵᠠᠢ ᠲᠠᠢ ᠪᠤᠯᠵᠦ᠂ ᠦᠬᠡᠳᠡ  ᠲᠠᠢ ᠦᠢᠯᠡᠰ ᠢᠶᠠᠨ ᠦᠡᠭᠬᠡ ᠪᠠᠷ ᠰᠤᠯᠤᠩᠭᠠᠷᠠᠭᠤᠯᠵᠦ ᠶᠠᠪᠤᠨ᠎ᠡ᠃   ᠠᠵᠦ ᠠᠮᠢᠳᠤᠷᠡᠯ ᠤᠨ ᠦᠬᠡᠳᠡᠯᠡᠬᠦᠯᠬᠦ ᠪᠠᠷ ᠤᠷᠤᠨ ᠨᠤᠳᠤᠭ ᠤᠨ ᠤᠡᠴᠠᠯᠢᠬᠳᠦ ᠲᠠᠸᠠᠷ ᠠᠴᠠ ᠠᠰᠢᠭ ᠬᠠᠶᠢᠵᠦ᠂ ᠦᠯᠡᠮᠵᠢ ᠤᠷᠤᠯᠭ᠎ᠠ ᠡᠬᠦᠦᠡᠴᠦ ᠶᠠᠪᠤᠭ᠎ᠠ ᠮᠠᠯᠴᠢᠨ ᠤᠷᠡᠨ᠎ᠠ ᠪᠤᠯ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ  ᠬᠦᠬᠡᠰᠢᠯᠢ ᠭᠠᠴᠠᠭᠠᠨ ᠤ ᠮᠠᠯᠴᠢᠨ ᠶᠤᠮ᠃
        ᠤᠷᠡᠨ᠎ᠠ ᠬᠤᠰᠢᠭᠤ ᠲᠦᠪ ᠪᠠᠯᠭᠠᠷᠭᠤᠤᠯ ᠪᠠᠯᠭᠠᠰᠤᠨ᠎ᠠ 2022 ᠤᠨ ᠤ ᠬᠠᠪᠤᠷ ᠴᠠᠶᠢᠳᠡᠮ ᠵᠡᠬᠡᠯᠢ ᠠᠴᠠ 150 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠬᠤᠶᠡᠷ ᠲᠠᠪᠬᠤᠷᠯᠢᠭ ᠠᠰᠠᠷ ᠢ ᠬᠤᠳᠡᠯᠳᠤᠨ ᠠᠪᠤᠬᠰᠡᠨ ᠪᠠᠶᠢᠯ᠎ᠠ᠃ ᠬᠤᠳᠡ ᠳᠤ ᠰᠠᠭᠤᠨ᠎ᠠ ᠬᠡᠭᠴᠢ ᠬᠤᠷᠰᠢᠶ᠎ᠡ ᠲᠡᠯᠬᠡᠬᠦᠷ ᠠᠴᠠ ᠦᠢᠷᠬᠠᠨ ᠪᠤᠯᠬᠤᠷ ᠵᠤᠭᠤᠰ ᠲᠠᠢ ᠬᠦᠮᠦᠨ ᠳᠤ ᠠᠪᠵᠦ ᠬᠡᠯᠡᠪᠡᠯ ᠠᠵᠦ ᠲᠦᠷᠦᠵᠦ ᠠᠮᠢᠳᠤᠷᠠᠬᠤ ᠳᠤ ᠲᠦᠬᠦᠮ ᠰᠢᠭ ᠰᠠᠨᠠᠬᠳᠠᠪᠠᠴᠦ ᠶᠠᠭᠠᠬᠢᠵᠦ ᠵᠤᠭᠤᠰ ᠤᠯᠤᠨ᠎ᠠ ᠬᠡᠳᠡᠭ ᠨᠢ ᠬᠠᠷᠢᠨ ᠴᠢᠬᠤᠯᠠ ᠠᠰᠠᠭᠤᠳᠡᠯ ᠪᠤᠯᠬᠤ ᠶᠤᠮ᠃ ᠲᠡᠷᠡ ᠡᠨᠡᠬᠦ ᠠᠰᠠᠭᠤᠳᠡᠯ ᠢ ᠨᠠᠷᠢᠨ ᠲᠤᠩᠭᠠᠨ ᠪᠤᠳᠤᠬᠰᠡᠨ ᠤ ᠡᠴᠦᠰ ᠲᠤ ᠰᠢᠨ᠎ᠠ ᠰᠤᠷᠭᠤᠭ ᠮᠢᠬ᠎ᠠ ᠵᠠᠬ᠎ᠠ ᠲᠡᠯᠬᠡᠬᠦᠷ ᠬᠡᠳᠦᠢ ᠤᠯᠡᠨ ᠪᠠᠶᠢᠬᠰᠡᠨ ᠴᠦ ᠬᠠᠰᠢᠯᠡ ᠤᠷᠤᠨ ᠨᠤᠳᠤᠭ ᠤᠨ ᠢᠶᠠᠨ ᠤᠡᠴᠠᠯᠢᠬᠳᠦ ᠲᠠᠸᠡᠷ ᠢᠶᠠᠷ ᠵᠠᠬ᠎ᠠ ᠲᠡᠯᠬᠡᠬᠦᠷ ᠲᠤ ᠬᠦᠯ ᠲᠤᠬᠳᠠᠬᠤ ᠪᠠᠷ ᠵᠤᠷᠢᠭ ᠰᠢᠭᠤᠤᠡᠪᠠ᠃  ᠨᠢᠬᠡ ᠲᠠᠯ᠎ᠠ ᠪᠠᠷ ᠬᠤᠶᠡᠷ ᠬᠡᠤᠬᠡᠨ ᠢᠶᠠᠨ ᠰᠤᠷᠭᠠᠭᠤᠯᠢ ᠰᠠᠭᠤᠬᠤ᠂ ᠨᠦᠬᠦᠬᠡ ᠲᠠᠯ᠎ᠠ ᠪᠠᠷ ᠨᠢᠬᠡᠳᠤᠬᠡᠷ ᠲᠠᠪᠬᠤᠷᠯᠢᠭ ᠳᠤ ︿︿ᠪᠠᠶᠢᠨ᠎ᠠ ᠳ᠋ᠠ﹀﹀ ᠬᠡᠳᠡᠭ ᠫᠠᠶᠢᠰᠠ ᠢᠯᠡᠷᠬᠡᠶᠢᠯᠡᠯ ᠲᠠᠢ ᠰᠢᠨ᠎ᠡ ᠰᠤᠷᠭᠤᠭ ᠦᠬᠡᠷ ᠬᠤᠨᠢᠨ ᠤ ᠮᠢᠬ᠎ᠠ ᠬᠤᠳᠡᠯᠳᠤᠬᠤ ᠲᠡᠯᠬᠡᠬᠦᠷ ᠢ ᠡᠷᠬᠢᠯᠡᠭᠰᠡᠨ ᠪᠠᠶᠢᠯ᠎ᠠ᠃ ᠵᠠᠬ᠎ᠠ ᠲᠡᠯᠬᠡᠬᠦᠷ ᠤᠨ ᠬᠡᠷᠡᠭᠴᠡᠭᠡ ᠱᠠᠭᠠᠷᠳᠡᠯᠭ᠎ᠠ ᠳᠤ ᠵᠤᠬᠢᠴᠠᠵᠦ ᠴᠢᠳᠠᠬᠰᠡᠨ ᠠᠴᠠ ᠲᠡᠬᠦᠨ ᠤ ᠡᠷᠬᠢᠯᠡᠭᠰᠡᠨ ᠲᠡᠯᠬᠡᠬᠦᠷ ᠤᠨ ᠠᠷᠡᠯᠵᠢᠶ᠎ᠠ ᠮᠠᠶᠢᠮᠠᠢ ᠶᠠᠪᠤᠬᠤ ᠲᠤᠳᠤᠮ ᠬᠦᠭᠵᠢᠶᠡᠡᠳᠡᠢ ᠪᠤᠯᠵᠦ᠂ ᠵᠢᠯ ᠳᠤ 50 ᠭᠠᠷᠤᠢ ᠦᠬᠡᠷ᠂ 500 ᠭᠠᠷᠤᠢ ᠬᠤᠨᠢ ᠢ ᠦᠪᠡᠷᠳᠡᠬᠡᠨ ᠡᠳ᠋ᠰᠢᠬᠦᠯᠦᠨ ᠪᠤᠯᠪᠠᠰᠤᠷᠠᠭᠤᠯᠵᠦ ᠪᠤᠷᠤᠯᠠᠭᠤᠯᠳᠠᠭ ᠪᠠᠶᠢᠵᠦ᠂ ᠨᠡᠩ ᠢᠯᠠᠩᠭᠤᠶ᠎ᠠ ᠡᠨᠡ ᠵᠢᠯ ᠬᠤᠨᠢᠨ ᠮᠢᠬᠠᠨ ᠤ ᠬᠠᠨᠭ᠍ᠰᠢ ᠨᠡᠯᠢᠶᠡᠤᠨ ᠵᠦᠬᠡᠷ ᠪᠠᠶᠢᠵᠦ᠂ ᠦᠬᠡᠷ ᠤᠨ ᠮᠢᠬ᠎ᠠ   ᠶᠢ ᠵᠠᠬ᠎ᠠ ᠲᠡᠯᠬᠡᠬᠦᠷ ᠲᠤ ᠵᠤᠬᠢᠴᠠᠭᠤᠯᠤᠨ ᠬᠤᠳᠡᠯᠳᠤᠵᠦ᠂ ᠨᠢᠬᠡ ᠬᠤᠨᠢ  ᠠᠴᠠ 200 — 300 ᠲᠦᠬᠦᠷᠢᠭ ᠤᠨ ᠴᠡᠪᠡᠷ ᠤᠷᠤᠯᠭ᠎ᠠ ᠤᠯᠳᠠᠭ᠂ ᠨᠢᠬᠡ ᠦᠬᠡᠷ ᠠᠴᠠ 1000 — 1500 ᠲᠦᠬᠦᠷᠢᠭ ᠤᠨ ᠴᠡᠪᠡᠷ ᠤᠷᠤᠯᠭ᠎ᠠ ᠤᠯᠳᠠᠭ ᠪᠠᠶᠢᠨ᠎ᠠ᠃
     ᠤᠷᠡᠨ᠎ᠠ ᠤ ᠡᠷᠬᠢᠯᠡᠭᠰᠡᠨ ᠲᠡᠯᠬᠡᠬᠦᠷ ᠲᠤ ᠵᠢᠯ ᠤᠨ ᠲᠦᠷᠪᠡᠨ ᠤᠯᠠᠷᠢᠯ ᠢᠶᠠᠷ ᠴᠤᠯ ᠪᠠᠶᠢᠭᠠᠯᠢᠯᠢᠭ ᠰᠢᠨ᠎ᠡ ᠰᠤᠷᠭᠤᠭ ᠬᠤᠨᠢ ᠦᠬᠡᠷ ᠤᠨ ᠮᠢᠬ᠎ᠠ ᠬᠤᠳᠡᠯᠳᠤᠨ ᠪᠤᠷᠤᠯᠠᠭᠤᠯᠳᠠᠭ ᠢᠶᠠᠷ ᠬᠤᠳᠡ ᠶᠢᠨ ᠰᠠᠭᠤᠭᠠᠯᠢ ᠠᠷᠠᠤᠨ ᠲᠤ ᠲᠠᠭᠠᠰᠢᠶᠠᠬᠳᠠᠬᠤ ᠶᠢᠨ ᠬᠠᠮᠳᠦ ᠬᠤᠯᠡ ᠭᠠᠵᠡᠷ ᠤᠨ ᠬᠡᠷᠡᠭᠯᠡᠭᠴᠢᠤᠨ ᠤᠨ ᠠᠩᠬᠠᠷᠤᠯ ᠢ ᠲᠠᠳᠠᠵᠦ᠂ ᠰᠦᠯᠵᠢᠶ᠎ᠡ ᠬᠤᠯᠪᠤᠭ᠎ᠠ ᠪᠠᠷ ᠵᠠᠬᠢᠶᠠᠯᠠᠬᠤ ᠬᠦᠮᠦᠨ ᠤᠯᠡᠨ ᠪᠠᠶᠢᠵᠦ᠂ ᠲᠡᠯᠬᠡᠬᠦᠷ ᠤᠨ ᠬᠢᠨᠢ ᠠᠷᠠᠯᠵᠢᠶ᠎ᠠ ᠡᠳᠦᠷ ᠠᠴᠠ ᠡᠳᠦᠷ ᠬᠦᠭᠵᠢᠶᠡᠡᠳᠡᠢ ᠪᠤᠯᠵᠦ ᠢᠷᠡᠭᠰᠡᠬᠡᠷ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号