ᠪᠠᠷᠠᠭᠤᠨ ᠦᠵᠦᠮᠦᠴᠢᠨ ᠬᠤᠰᠢᠭᠤ 120 ᠭᠠᠷᠤᠢ ᠲᠦᠮᠡᠨ ᠲᠣᠯᠣᠭᠠᠢ ᠮᠠᠯ ᠤᠨ ᠭᠠᠷᠭᠠᠯᠲᠠ ᠶᠢ ᠪᠡᠶᠡᠯᠡᠭᠦᠯᠬᠦ ᠪᠠᠷ | ᠲᠥᠯᠥᠪᠯᠡᠵᠦ ᠪᠣᠶ | | ᠵᠢᠯ ᠪᠦᠷᠢ ᠶᠢᠨ ᠡᠨᠡ ᠦᠶ᠎ᠠ ᠪᠤᠯ ᠮᠠᠯ ᠤᠨ ᠭᠠᠷᠭᠠᠯᠳᠠ ᠶᠢᠨ ᠶᠠᠭᠠᠷᠠᠯᠳᠠᠢ ᠴᠠᠭ ᠪᠤᠯᠤᠨ᠎ᠠ᠃ ᠪᠠᠷᠠᠭᠤᠨ | ᠦᠵᠦᠮᠦᠴᠢᠨ ᠬᠤᠰᠢᠭᠤ ᠨᠢ ᠮᠠᠯ ᠤᠨ ᠭᠠᠷᠭᠠᠯᠳᠠ ᠶᠢᠨ ᠠᠵᠢᠯ ᠢ ᠲᠡᠬᠡᠳᠣ ᠬᠡᠮᠵᠢᠶ᠎ᠠ ᠪᠠᠷ ᠴᠢᠬᠤᠯᠠᠴᠢᠯᠠᠨ ᠦᠵᠡᠵᠦ᠂ | ᠮᠠᠯᠴᠢᠳ ᠤᠨ ᠵᠦᠢ ᠵᠤᠬᠢᠰᠳᠠᠢ ᠮᠠᠯ ᠤᠨ ᠭᠠᠷᠭᠠᠯᠳᠠ ᠬᠢᠬᠦ ᠶᠢ ᠤᠬᠠᠭᠤᠯᠤᠨ ᠲᠠᠶᠢᠴᠢᠯᠠᠵᠦ ᠪᠠᠶᠢᠨ᠎ᠠ᠃ | ᠰᠤᠷᠪᠤᠯᠵᠢᠯᠠᠭᠴᠢ ᠪᠠᠷᠠᠭᠤᠨ ᠦᠵᠦᠮᠦᠴᠢᠨ ᠬᠤᠰᠢᠭᠤᠨ ᠤ ᠵᠢᠦᠢ ᠪᠦᠦ ᠶᠤᠸᠠᠨ ᠮᠢᠬᠠᠨ ᠤ ᠦᠢᠯᠡᠰ ᠤᠨ | ᠬᠢᠵᠠᠭᠠᠷᠲᠤ ᠺᠣᠮᠫᠠᠨᠢ ᠳᠤ ᠬᠦᠷᠬᠦ ᠳᠤ᠂ ᠬᠡᠰᠡᠭ ᠮᠠᠯᠴᠢᠳ ᠬᠤᠷᠠᠭ᠎ᠠ ᠪᠠᠨ ᠬᠦᠢᠲᠡᠨ ᠬᠥᠮᠥᠷᠭᠡ ᠳᠤ ᠭᠦᠷᠬᠡᠬᠦ ᠶᠢᠨ | ᠬᠠᠮᠲᠤ ᠬᠢᠵᠢᠭ ᠤᠨ ᠪᠠᠶᠢᠴᠠᠭᠠᠯᠲᠠ ᠬᠢᠯᠬᠡᠨ ᠬᠤᠷᠠᠭ᠎ᠠ ᠪᠠᠨ ᠪᠠᠭᠤᠯᠭᠠᠵᠦ ᠶᠠᠭᠠᠷᠠᠯᠲᠠᠢ ᠪᠠᠶᠢᠬᠤ ᠳᠤ | ᠦᠢᠯᠠᠳᠪᠤᠷᠢᠯᠠᠯ ᠤᠨ ᠲᠠᠰᠤᠬ ᠲᠤ ᠮᠠᠯ ᠤᠨ ᠠᠰᠢᠭ ᠰᠢᠮ᠎ᠡ ᠶᠢ ᠬᠡᠰᠡᠭᠯᠡᠬᠦ᠂ ᠪᠣᠭᠤᠳᠠᠯᠯᠠᠬᠤ ᠵᠡᠷᠬᠡ ᠠᠵᠢᠯ ᠡᠮᠬᠢ | ᠴᠡᠭᠴᠠ ᠲᠠᠢ ᠶᠠᠪᠤᠭᠳᠠᠵᠦ ᠪᠠᠶᠢᠯ᠎ᠠ᠃ | ᠪᠠᠷᠠᠭᠤᠨ ᠦᠵᠦᠮᠦᠴᠢᠨ ᠬᠤᠰᠢᠭᠤ ᠨᠢ ᠮᠠᠯᠴᠢᠳ ᠤᠨ ᠮᠠᠯ ᠤᠨ ᠭᠠᠷᠭᠠᠯᠳᠠ ᠶᠢᠨ ᠠᠵᠢᠯ ᠢ ᠢᠳᠡᠪᠬᠢᠳᠠᠢ | ᠬᠦᠳᠦᠯᠦᠨ ᠵᠢᠯᠤᠭᠤᠳᠴᠤ᠂ ᠮᠠᠯ ᠪᠡᠯᠴᠢᠬᠡᠷ ᠤᠨ ᠲᠡᠩᠴᠡᠬᠦᠷᠢ ᠶᠢ ᠪᠠᠳᠤᠯᠠᠬᠤ᠂ ᠮᠠᠯ ᠠᠵᠦ ᠠᠬᠤᠢ ᠶᠢᠨ | ᠪᠦᠳᠥᠴᠡ ᠶᠢᠨ ᠲᠤᠬᠢᠷᠠᠭᠤᠯᠤᠯᠳᠠ ᠵᠡᠷᠬᠡ ᠠᠵᠢᠯ ᠲᠠᠢ ᠤᠶᠠᠯᠳᠤᠭᠤᠯᠵᠦ ᠤᠬᠠᠭᠤᠯᠭ᠎ᠠ ᠰᠤᠷᠳᠠᠯᠴᠢᠯᠠᠭ᠎ᠠ ᠶᠢ | ᠰᠠᠶᠢᠳᠤᠷ ᠬᠢᠬᠦ᠂ ᠠᠵᠤ ᠠᠬᠤᠶᠢᠯᠠᠯ ᠤᠨ ᠡᠳ᠋ᠰᠢᠬᠦᠯᠥᠨ ᠪᠤᠯᠪᠠᠰᠤᠷᠠᠭᠤᠯᠬᠤ ᠶᠢ ᠲᠦᠷᠭᠡᠳᠬᠡᠬᠦ᠂ ᠬᠢᠵᠢᠭ ᠭᠡᠮ ᠢ | ᠰᠢᠯᠭᠠᠨ ᠪᠠᠶᠢᠴᠠᠭᠠᠬᠤ ᠳᠦᠷᠢᠮ ᠢ ᠴᠢᠩᠭ᠎ᠠ ᠨᠠᠢᠳᠠᠪᠤᠷᠢᠵᠢᠭᠤᠯᠬᠤ ᠵᠡᠷᠭᠡ ᠤᠠᠯᠨ ᠲᠠᠯ᠎ᠠ ᠶᠢᠨ ᠢᠳᠡᠪᠬᠢᠳᠠᠢ | ᠠᠷᠭ᠎ᠠ ᠭᠡᠮᠵᠢᠶ᠎ᠡ ᠠᠪᠤᠭᠰᠠᠨ ᠢᠶᠠᠷ ᠮᠠᠯ ᠤᠨ ᠭᠠᠷᠭᠠᠯᠳᠠ ᠶᠢᠨ ᠠᠵᠢᠯ ᠤᠷᠤᠭᠰᠢᠳᠠᠢ ᠶᠠᠪᠤᠭᠳᠠᠵᠤ᠂ ᠤᠳᠤᠬᠠᠨ | ᠪᠤᠯᠳᠠᠯ᠎ᠠ ᠨᠡᠶᠢᠳᠡ 23 ᠲᠦᠮᠡᠨ ᠪᠤᠳᠠ ᠪᠤᠭ ᠮᠠᠯ ᠤᠨ ᠭᠠᠷᠭᠠᠯᠳᠠ ᠶᠢ ᠪᠠᠶᠠᠯᠠᠬᠦᠯᠵᠦ᠂ ᠡᠬᠦᠨ ᠳᠤ ᠪᠤᠳᠠ ᠮᠠᠯ | 5 ᠲᠦᠮᠡ᠂ ᠪᠤᠭ ᠮᠠᠯ 18 ᠲᠦᠮᠡ ᠪᠤᠯᠤᠨ᠎ᠠ᠃ | 8 ᠰᠠᠷ᠎ᠠ ᠶᠢᠨ 24 ᠤ ᠡᠳᠦᠷ ᠪᠣᠯᠲᠠᠯ᠎ᠠ᠂ ᠮᠠᠨ ᠤ ᠬᠤᠰᠢᠭᠤᠨ ᠤ 5 ᠨᠢᠲᠤᠯᠵᠤ ᠪᠣᠯᠪᠠᠰᠤᠷᠠᠭᠤᠯᠬᠤ ᠠᠵᠤ | ᠠᠬᠤᠶᠢᠯᠠᠯ ᠨᠢ 20 ︱ 32 ᠵᠢᠩ ᠤᠨ ᠬᠤᠷᠠᠭᠠᠨ ᠤ ᠬᠡᠩᠭᠦᠳᠡᠭ ᠢ ᠵᠢᠩ ᠪᠦᠷᠢ ᠳᠡᠭᠡᠨ 29.5 ᠲᠥᠭᠦᠷᠢᠭ᠂ | 32 ︱ 35 ᠵᠢᠩ ᠤᠨ ᠬᠤᠷᠠᠭᠠᠨ ᠤ ᠬᠡᠩᠭᠦᠳᠡᠭ ᠢ ᠵᠢᠩ ᠪᠦᠷᠢ ᠳᠡᠭᠡᠨ 28.5 ᠲᠥᠭᠦᠷᠢᠭ ᠤᠨ ᠦᠨ᠎ᠠ ᠪᠠᠷ | ᠬᠤᠳᠠᠯᠳᠣᠨ ᠠᠪᠴᠦ ᠪᠠᠶᠢᠨ᠎ᠠ᠃ |