ᠠᠳᠠᠯ ᠠᠬᠤᠢ ᠠᠷᠠᠳ ᠲᠤ ᠲᠦᠭᠦᠮ ᠦᠵᠡᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2023/9/19
          ᠠᠳᠠᠯ ᠠᠬᠤᠢ ᠠᠷᠠᠳ ᠲᠤ ᠲᠦᠭᠦᠮ ᠦᠵᠡᠭᠦᠯᠵᠦ ᠪᠠᠶᠢᠨ᠎ᠠ                                                                         ᠪᠠᠷᠠᠭᠤᠨ ᠦᠵᠦᠮᠦᠴᠢᠨ ᠬᠤᠰᠢᠭᠤᠨ ᠤ ᠪᠠᠯᠭᠠᠷᠭᠤᠣᠯ ᠪᠠᠯᠭᠠᠰᠤ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢ ᠪᠠᠷᠢᠮᠲᠠᠯᠠᠵᠤ᠂ ᠨᠠᠮ ᠤᠨ ᠪᠠᠶᠢᠭᠤᠯᠤᠯᠲᠠ ᠪᠠᠷ ︽ᠬᠤᠪᠢᠰᠬᠠᠯᠲᠤ ᠠᠳᠠᠯ ᠠᠬᠤᠢ︾ ᠶᠢ ᠡᠭᠦᠳᠦᠨ ᠪᠠᠶᠢᠭᠤᠯᠬᠤ ᠢᠨᠵᠧᠨᠧᠷᠢᠩ ᠢ ᠬᠥᠲᠥᠯᠥᠨ ᠳᠠᠭᠠᠭᠤᠯᠬᠤ ᠶᠢ ᠠᠬᠢᠭᠤᠯᠵᠤ᠂ ᠳᠦᠷᠢᠮ ᠤᠨ ᠲᠥᠯᠥᠪᠯᠡᠭᠡ ᠶᠢᠨ ᠰᠢᠨ᠎ᠡ ᠶᠢ ᠡᠭᠦᠳᠴᠦ᠂ ︽ᠬᠤᠪᠢᠰᠬᠠᠯᠲᠤ ᠠᠳᠠᠯ ᠠᠬᠤᠢ︾ ᠶᠢ ᠡᠭᠦᠳᠦᠨ ᠪᠠᠶᠢᠭᠤᠯᠬᠤ ᠶᠢ ᠬᠥᠲᠥᠯᠥᠨ ᠳᠠᠭᠠᠭᠤᠯᠬᠤ ᠪᠠ ᠬᠤᠳᠠ ᠭᠠᠵᠠᠷ ᠤᠨ ᠨᠡᠶᠢᠭᠡᠮ ᠤᠨ ᠵᠠᠰᠠᠯᠲᠠ  ᠶᠢᠨ ᠣᠳᠣᠬᠢᠴᠢᠯᠠᠯᠲᠠ ᠶᠢ ᠠᠬᠢᠭᠤᠯᠬᠤ ᠶᠢ ᠣᠷᠭᠠᠨᠢᠭ ᠢᠶᠠᠷ ᠠᠭᠤᠰᠤᠯᠴᠠᠭᠤᠯᠵᠤ᠂ ᠨᠠᠮ ᠤᠨ ᠪᠠᠶᠢᠭᠤᠯᠤᠯᠲᠠ ᠳᠤ ᠲᠦᠰᠢᠭᠯᠡᠨ ᠤᠯᠠᠨ ᠲᠠᠯ᠎ᠠ ᠪᠠᠷ ᠬᠤᠯᠪᠤᠭᠠᠯᠠᠨ ᠬᠥᠳᠡᠯᠦᠯᠴᠡᠬᠦ ᠶᠢ ᠬᠥᠲᠥᠯᠥᠨ ᠳᠠᠭᠠᠭᠤᠯᠵᠤ᠂ ᠦᠨᠳᠦᠰᠦᠨ ᠱᠠᠲᠤᠨ ᠤ ᠵᠠᠰᠠᠯᠲᠠ ᠶᠢᠨ ᠬᠦᠴᠦᠷᠬᠡᠭ ᠶᠡᠭᠡ ᠬᠠᠮᠲᠤᠷᠠᠭᠰᠠᠨ ᠬᠦᠴᠦᠨ ᠢ ᠨᠢᠭᠲᠠᠷᠠᠭᠤᠯᠵᠤ᠂ ᠬᠤᠳᠠ ᠶᠢᠨ ᠨᠡᠶᠢᠭᠡᠮ ᠤᠨ ᠵᠠᠰᠠᠯᠲᠠ ᠶᠢᠨ ᠣᠳᠣᠬᠢᠴᠢᠯᠠᠯᠲᠠ ᠶᠢᠨ ︽ᠰᠢᠨ᠎ᠡ ᠬᠥᠳᠡᠯᠭᠡᠭᠦᠷ︾ ᠢ ᠲᠠᠰᠤᠷᠠᠯᠳᠡ ᠦᠭᠡᠢ ᠴᠣᠭᠴᠠᠯᠠᠵᠤ ᠪᠣᠢ᠃   ᠬᠠᠭᠭᠤᠯᠠ ᠨᠡᠶᠢᠭᠡᠮ ᠲᠣᠭᠤᠷᠢᠭ ᠤᠨ ᠨᠠᠮ ᠤᠨ ᠶᠡᠷᠦᠩᠬᠡᠢ ᠡᠭᠦᠷ ᠨᠢ ᠨᠠᠮ ᠤᠨ ᠪᠠᠶᠢᠭᠤᠯᠤᠯᠲᠠ ᠪᠠᠷ ︽ᠬᠤᠪᠢᠰᠬᠠᠯᠲᠤ ᠠᠳᠠᠯ ᠠᠬᠤᠢ︾ ᠶᠢ ᠬᠥᠲᠥᠯᠥᠨ ᠳᠠᠭᠠᠭᠤᠯᠵᠤ᠂ ᠰᠠᠭᠤᠭᠠᠯᠢ ᠠᠷᠠᠳ ᠲᠤ ᠦᠢᠯᠡᠴᠢᠯᠡᠬᠦ ᠪᠠᠷ ᠵᠣᠷᠢᠯᠲᠠ ᠪᠠᠨ ᠪᠣᠯᠭᠠᠵᠤ᠂ ᠤᠯᠠᠨ ᠲᠦᠮᠡᠨ ᠳᠤ ᠦᠢᠯᠡᠴᠢᠯᠡᠬᠦ ︽ᠡᠴᠦᠰ ᠤᠨ ᠨᠢᠭᠡ ᠮᠧᠲᠷ︾ ᠢ ᠪᠦᠲᠦᠮᠵᠢᠲᠡᠢ ᠨᠡᠪᠲᠡᠷᠡᠭᠦᠯᠵᠡᠢ᠃     ᠣᠶᠢᠷ᠎ᠠ ᠳᠤ᠂ ᠤᠤᠯ ᠤᠨ ᠮᠣᠩᠭᠤᠯ ᠡᠮᠨᠡᠯᠭᠡ ᠶᠢᠨ ᠬᠤᠷᠢᠶᠠᠨ ᠤ ᠰᠠᠭᠤᠭᠠᠯᠢ ᠠᠷᠠᠳ ᠤᠨ ᠠᠰᠠᠷ ᠲᠤ ᠰᠠᠭᠤᠭ᠎ᠠ ᠰᠠᠭᠤᠭᠠᠯᠢ ᠠᠷᠠᠳ ᠠᠴᠠ᠄ ︽ᠠᠰᠠᠷ ᠤᠨ ᠳᠣᠣᠷ᠎ᠠ ᠨᠢᠭᠡ ᠬᠡᠰᠡᠭ ᠭᠠᠵᠠᠷ ᠲᠤ ᠦᠷᠭᠦᠯᠵᠢ ᠪᠣᠬᠢᠷ ᠤᠰᠤ ᠲᠤᠨᠵᠤ᠂ ᠦᠮᠡᠬᠡᠢ ᠦᠨᠦᠷ ᠭᠠᠷᠴᠤ᠂ ᠰᠠᠭᠤᠭᠠᠯᠢ ᠠᠷᠠᠳ ᠤᠨ ᠠᠮᠢᠳᠤᠷᠠᠯ ᠪᠠ ᠶᠠᠪᠤᠵᠤ ᠰᠠᠭᠤᠬᠤ ᠳᠤ ᠳᠥᠭᠦᠮ ᠦᠭᠡᠢ ᠪᠠᠶᠢᠨ᠎ᠠ︾ ᠭᠡᠵᠦ ᠬᠠᠭᠭᠤᠯᠠ ᠨᠡᠶᠢᠭᠡᠮ ᠲᠣᠭᠤᠷᠢᠭ ᠤᠨ ᠬᠤᠲᠠ ᠲᠣᠭᠤᠷᠢᠭ ᠤᠨ ᠠᠵᠢᠯᠲᠠᠨ ᠳᠤ ᠲᠤᠰᠬᠠᠵᠠᠢ᠃ ᠬᠠᠭᠭᠤᠯᠠ ᠨᠡᠶᠢᠭᠡᠮ ᠲᠣᠭᠤᠷᠢᠭ ᠤᠨ ᠬᠢᠨ ᠲᠡᠷᠡ ᠳᠠᠷᠤᠢ ᠳᠤᠨᠢ ︽ᠬᠤᠪᠢᠰᠬᠠᠯᠲᠤ ᠠᠳᠠᠯ ᠠᠬᠤᠢ ᠶᠢᠨ ᠦᠢᠯᠡᠴᠢᠯᠡᠭᠡᠨ ᠤ ᠠᠩᠭᠢ︾ ᠲᠠᠢ ᠬᠠᠷᠢᠯᠴᠠᠵᠤ ᠲᠤᠬᠠᠢ ᠶᠢᠨ ᠲᠠᠯᠠᠪᠠᠢ ᠶᠢᠨ ᠪᠠᠶᠢᠳᠠᠯ ᠢ ᠪᠠᠶᠢᠴᠠᠭᠠᠯᠭᠠᠭᠰᠠᠨ ᠪᠠᠶᠢᠨ᠎ᠠ᠃   ᠪᠣᠬᠢᠷ ᠤᠰᠤᠨ ᠤ ᠬᠤᠭᠤᠯᠠᠢ ᠬᠠᠭᠤᠴᠢᠷᠠᠵᠤ᠂ ᠤᠰᠤ ᠨᠡᠪᠴᠢᠨ᠂ ᠤᠰᠤ ᠭᠠᠳᠠᠭᠰᠢᠯᠠᠭᠤᠯᠬᠤ ᠬᠤᠳᠳᠤᠭ ᠪᠦᠭᠯᠡᠷᠡᠭᠰᠡᠨ ᠪᠠᠶᠢᠵᠠᠢ᠃ ᠰᠢᠯᠲᠠᠭᠠᠨ ᠢ ᠮᠡᠳᠡᠭᠰᠡᠨ ᠤ ᠳᠠᠷᠠᠭ᠎ᠠ᠂ ︽ᠬᠤᠪᠢᠰᠬᠠᠯᠲᠤ ᠠᠳᠠᠯ ᠠᠬᠤᠢ ᠶᠢᠨ ᠦᠢᠯᠡᠴᠢᠯᠡᠭᠡᠨ ᠤ ᠠᠩᠭᠢ︾ ᠨᠢ ᠠᠰᠠᠭᠤᠳᠠᠯ ᠢ ᠴᠠᠭ ᠲᠤᠬᠠᠢ ᠳᠤᠨᠢ ᠰᠢᠢᠳᠪᠦᠷᠢᠯᠡᠵᠦ᠂ ᠣᠯᠠᠨ ᠲᠦᠮᠡᠨ ᠤ ᠵᠠᠮ ᠨᠡᠪᠲᠡᠷᠡᠯᠭᠡ ᠳᠤ ᠲᠥᠬᠦᠮ ᠦᠵᠡᠭᠦᠯᠵᠦ᠂ ᠰᠠᠭᠤᠭᠠᠯᠢ ᠠᠷᠠᠳ ᠤᠨ ᠰᠠᠶᠢᠨ ᠦᠨᠡᠯᠡᠯᠲᠡ ᠶᠢ ᠣᠯᠣᠭᠰᠠᠨ ᠪᠠᠶᠢᠨ᠎ᠠ᠃   ᠪᠣᠷᠣᠲᠣᠯᠣᠭᠠᠢ ᠨᠡᠶᠢᠭᠡᠮ ᠲᠣᠭᠤᠷᠢᠭ ᠤᠨ ᠨᠠᠮ ᠤᠨ ᠶᠡᠷᠦᠩᠬᠡᠢ ᠡᠭᠦᠷ ᠨᠢ ᠨᠠᠮ ᠤᠨ ᠪᠠᠶᠢᠭᠤᠯᠤᠯᠲᠠ ᠪᠠᠷ ︽ᠬᠤᠪᠢᠰᠬᠠᠯᠲᠤ ᠠᠳᠠᠯ ᠠᠬᠤᠢ︾ ᠶᠢ ᠡᠭᠦᠳᠦᠨ ᠪᠠᠶᠢᠭᠤᠯᠬᠤ ᠶᠢ ᠬᠥᠲᠥᠯᠥᠨ ᠳᠠᠭᠠᠭᠤᠯᠬᠤ ᠠᠵᠢᠯ ᠢ ᠭᠦᠨᠵᠡᠭᠡᠢ ᠠᠬᠢᠭᠤᠯᠵᠤ᠂ ᠬᠤᠲᠠ ᠲᠣᠭᠤᠷᠢᠭ ᠤᠨ ᠠᠵᠢᠯ ᠳᠤ ᠡᠬᠢ ᠪᠠᠶᠠᠯᠢᠭ ᠢ ᠲᠥᠪᠯᠡᠷᠡᠭᠦᠯᠦᠨ᠂ ᠦᠢᠯᠡᠳᠦᠯᠭᠡ ᠪᠠᠨ ᠪᠠᠳᠠᠷᠠᠭᠤᠯᠵᠤ᠂ ᠬᠦᠴᠢᠷ ᠠᠰᠠᠭᠤᠳᠠᠯ ᠢ ᠰᠢᠢᠳᠪᠦᠷᠢᠯᠡᠨ᠂ ᠦᠢᠯᠡᠴᠢᠯᠡᠭᠡ ᠶᠢ ᠬᠤᠲᠠ ᠲᠣᠭᠤᠷᠢᠭ ᠲᠤ ᠭᠦᠨᠵᠡᠭᠡᠶᠢᠷᠡᠭᠦᠯᠦᠨ᠂ ᠰᠠᠭᠤᠭᠠᠯᠢ ᠠᠷᠠᠳ ᠲᠤ ᠨᠠᠷᠢᠯᠢᠭ ᠦᠢᠯᠡᠴᠢᠯᠡᠭᠡ ᠬᠠᠩᠭᠠᠪᠠ᠃   ᠣᠶᠢᠷ᠎ᠠ ᠶᠢᠨ ᠡᠳᠦᠷ᠂ ᠪᠣᠷᠣᠲᠣᠯᠣᠭᠠᠢ ᠨᠡᠶᠢᠭᠡᠮ ᠲᠣᠭᠤᠷᠢᠭ ᠤᠨ ᠬᠤᠪᠢᠰᠬᠠᠯᠲᠤ ᠠᠳᠠᠯ ᠠᠬᠤᠢ ᠶᠢᠨ ᠦᠢᠯᠡᠴᠢᠯᠡᠭᠡᠨ ᠤ ᠠᠩᠭᠢ᠂ ᠳᠠᠪᠰᠢᠯᠲᠤ ᠨᠠᠮ ᠤᠨ ᠡᠭᠦᠷ ᠨᠢ ᠲᠢᠶᠠᠨ ᠳ᠋ᠧ ᠠᠳᠠᠯ ᠠᠬᠤᠢ ᠶᠢᠨ ᠺᠣᠮᠫᠠᠨᠢ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ ᠲᠠᠢ ᠬᠠᠮᠲᠤᠷᠠᠨ᠂ ︽ᠬᠤᠪᠢᠰᠬᠠᠯᠲᠤ ᠴᠢᠳᠠᠮᠠᠭᠠᠢ ᠵᠠᠰᠠᠯᠲᠠ · ᠵᠣᠯ ᠵᠢᠷᠭᠠᠯᠲᠤ ᠪᠠᠷᠠᠭᠤᠨ ᠦᠵᠦᠮᠦᠴᠢᠨ︾ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠠᠷᠢᠭᠤᠨ ᠴᠡᠪᠡᠷ ᠤᠨ ᠠᠵᠢᠯᠯᠠᠭ᠎ᠠ ᠥᠷᠨᠢᠭᠦᠯᠦᠨ᠂ ᠶᠠᠩ ᠭᠤᠸᠠᠩ ᠰᠠᠭᠤᠭᠠᠯᠢ ᠲᠣᠭᠤᠷᠢᠭ ᠲᠤ ᠭᠦᠨᠵᠡᠭᠡᠶᠢᠷᠡᠨ᠂ ᠬᠤᠭ ᠨᠣᠪᠰᠢ ᠴᠤᠭᠯᠠᠷᠠᠭᠰᠠᠨ ᠭᠠᠵᠠᠷ᠂ ᠠᠰᠠᠷ ᠤᠨ ᠭᠤᠳᠤᠮᠵᠢ᠂ ᠰᠠᠭᠤᠭᠠᠯᠢ ᠲᠣᠭᠤᠷᠢᠭ ᠤᠨ ᠵᠠᠮ ᠵᠡᠷᠭᠡ ᠶᠢ ᠴᠡᠪᠡᠷᠯᠡᠪᠡ᠃ ᠰᠠᠶᠢᠨ  ᠳᠤᠷᠠᠴᠤᠤᠯ ᠣᠷᠴᠢᠨ ᠲᠣᠭᠤᠷᠢᠨ ᠢ ᠴᠡᠪᠡᠷᠯᠡᠬᠦ ᠠᠵᠢᠯᠯᠠᠭ᠎ᠠ ᠳᠤ ᠢᠳᠡᠪᠬᠢᠲᠡᠢ ᠣᠷᠣᠯᠴᠠᠵᠤ᠂ ᠬᠤᠭ ᠲᠣᠭᠤᠰᠣ ᠶᠢ ᠴᠡᠪᠡᠷᠯᠡᠨ᠂ ᠨᠣᠭᠤᠭᠠᠷᠠᠭᠤᠯᠤᠯᠲᠠ ᠶᠢᠨ ᠪᠦᠰᠡ ᠶᠢᠨ ᠬᠤᠭ ᠨᠣᠪᠰᠢ ᠶᠢ ᠲᠡᠭᠦᠵᠦ᠂ ᠡᠷᠡᠭᠦᠯ ᠬᠠᠮᠠᠭᠠᠯᠠᠯ ᠤᠨ ᠲᠠᠯ᠎ᠠ ᠪᠠᠷ ᠳᠤᠲᠠᠭᠳᠠᠯ ᠲᠠᠢ ᠭᠠᠵᠠᠷ ᠢ ᠴᠡᠭᠴᠡᠯᠡᠨ ᠵᠠᠰᠠᠵᠤ᠂ ᠰᠠᠭᠤᠭᠠᠯᠢ ᠠᠷᠠᠳ ᠤᠨ ᠠᠮᠢᠳᠤᠷᠠᠯ ᠤᠨ ᠣᠷᠴᠢᠨ ᠲᠣᠭᠤᠷᠢᠨ ᠢ ᠴᠡᠪᠡᠷ ᠲᠠᠭᠠᠯᠠᠮᠵᠢᠲᠠᠢ ᠪᠤᠯᠭᠠᠭᠰᠠᠨ ᠪᠠᠶᠢᠨ᠎ᠠ᠃   ᠪᠠᠶᠠᠩᠭᠤᠣᠯ ᠨᠡᠶᠢᠭᠡᠮ ᠲᠣᠭᠤᠷᠢᠭ ᠨᠢ ︽ᠬᠤᠪᠢᠰᠬᠠᠯᠲᠤ ᠠᠳᠠᠯ ᠠᠬᠤᠢ︾ ᠶᠢ ᠡᠭᠦᠳᠦᠨ ᠪᠠᠶᠢᠭᠤᠯᠬᠤ ᠠᠵᠢᠯ ᠢ ᠪᠥᠬᠦ ᠲᠠᠯ᠎ᠠ ᠪᠠᠷ ᠬᠡᠷᠡᠭᠵᠢᠭᠦᠯᠵᠦ᠂ ︽ᠤᠮᠠᠷᠠᠲᠤ ᠬᠢᠯᠢ ᠶᠢᠨ ᠬᠤᠪᠢᠰᠬᠠᠯᠲᠤ ᠬᠤᠲᠠ ᠲᠣᠭᠤᠷᠢᠭ︾ ᠢᠶᠠᠷ ︽ᠬᠤᠪᠢᠰᠬᠠᠯᠲᠤ ᠠᠳᠠᠯ ᠠᠬᠤᠢ︾ ᠶᠢ ᠡᠭᠦᠳᠦᠨ ᠪᠠᠶᠢᠭᠤᠯᠬᠤ ᠶᠢᠨ ᠪᠦᠲᠦᠮᠵᠢᠲᠡᠶ ᠭᠠᠷᠳᠠᠬᠤ ᠴᠡᠭ ᠪᠣᠯᠭᠠᠨ᠂ ︽ᠬᠤᠪᠢᠰᠬᠠᠯᠲᠤ ᠠᠳᠠᠯ ᠠᠬᠤᠢ ᠶᠢᠨ ᠦᠢᠯᠡᠴᠢᠯᠡᠭᠡᠨ ᠤ ᠠᠩᠭᠢ︾ ᠶᠢ ᠵᠣᠬᠢᠶᠠᠨ ᠪᠠᠶᠢᠭᠤᠯᠵᠤ᠂ ᠬᠠᠮᠲᠤᠪᠠᠷ ᠪᠠᠶᠢᠭᠤᠯᠬᠤ ᠨᠢᠭᠡᠴᠡ ᠲᠠᠢ ᠬᠤᠯᠪᠣᠭᠠᠯᠠᠨ᠂ ︽ ᠬᠤᠪᠢᠰᠬᠠᠯᠲᠤ ᠴᠢᠳᠠᠮᠠᠭᠠᠢ ᠵᠠᠰᠠᠯᠲᠠ · ᠵᠣᠯ ᠵᠢᠷᠭᠠᠯᠲᠤ ᠪᠠᠷᠠᠭᠤᠨ ᠦᠵᠦᠮᠦᠴᠢᠨ︾ ᠭᠡᠬᠦ ᠠᠵᠢᠯᠯᠠᠭ᠎ᠠ ᠶᠢ ᠥᠷᠨᠢᠭᠦᠯᠪᠡ᠃ ᠨᠡᠶᠢᠭᠡᠮ ᠲᠣᠭᠤᠷᠢᠭ ᠤᠨ ᠬᠡᠦ ᠣᠪᠣᠭᠲᠤ ᠵᠡᠮᠳᠡᠭ ᠪᠣᠯᠤᠭᠰᠠᠨ ᠤ ᠬᠠᠷᠠᠭ᠎ᠠ ᠪᠠᠷ ᠬᠥᠳᠡᠯᠮᠦᠷᠢᠯᠡᠬᠦ ᠴᠢᠳᠠᠪᠤᠷᠢ ᠪᠠᠨ ᠠᠯᠳᠠᠵᠤ᠂ ᠣᠯᠠᠨ ᠵᠢᠯ ᠬᠦᠷᠳᠦᠲᠦ ᠰᠠᠨᠳᠠᠯᠢ ᠳᠤ ᠰᠠᠭᠤᠵᠤ᠂ ᠭᠡᠷ ᠲᠦᠷᠢᠶᠡᠰᠦᠯᠡᠨ ᠨᠢᠭᠡ ᠵᠢᠵᠢᠭ ᠳᠡᠯᠭᠡᠭᠦᠷ ᠡᠵᠡᠩᠨᠡᠵᠦ ᠠᠮᠢᠳᠤᠷᠠᠯ ᠢᠶᠠᠨ ᠠᠷᠭᠠᠴᠠᠵᠤ ᠪᠠᠶᠢᠳᠠᠭ ᠢ ᠡᠷᠦᠬᠡ ᠳᠤ ᠬᠦᠷᠴᠦ ᠰᠤᠷᠪᠤᠯᠵᠢᠯᠠᠬᠤ ᠪᠠᠷ ᠳᠠᠮᠵᠢᠨ ᠣᠶᠢᠯᠠᠭᠠᠵᠠᠢ᠃   ᠦᠢᠯᠡᠴᠢᠯᠡᠭᠡᠨ ᠤ ᠠᠩᠭᠢ ᠶᠢᠨ ᠭᠡᠰᠢᠭᠦᠨ ᠡᠨᠡᠬᠦ ᠪᠠᠶᠢᠳᠠᠯ ᠢ ᠨᠡᠶᠢᠭᠡᠮ ᠲᠣᠭᠤᠷᠢᠭ ᠤᠨ ︽ᠬᠤᠪᠢᠰᠬᠠᠯᠲᠤ ᠠᠳᠠᠯ ᠠᠬᠤᠢ︾ ᠶᠢᠨ ᠶᠡᠷᠦᠩᠬᠡᠢ ᠥᠷᠲᠡᠭᠡᠨ ᠳᠤ ᠮᠡᠳᠡᠭᠦᠯᠦᠨ ᠵᠣᠬᠢᠴᠠᠭᠤᠯᠵᠤ᠂ ︽ᠤᠯᠠᠨ ᠲᠦᠮᠡᠨ ᠲᠤᠰᠬᠠᠬᠤ᠂ ᠨᠡᠶᠢᠭᠡᠮ ᠲᠣᠭᠤᠷᠢᠭ ᠠᠴᠠ ᠵᠣᠬᠢᠴᠠᠭᠤᠯᠬᠤ᠂ ᠨᠠᠮ ᠤᠨ ᠭᠡᠰᠢᠭᠦᠨ  ᠭᠦᠢᠴᠡᠳᠬᠡᠬᠦ︾ ᠵᠠᠭᠪᠤᠷ ᠶᠣᠰᠣᠭᠠᠷ᠂ ᠬᠠᠮᠲᠤᠪᠠᠷ ᠪᠠᠶᠢᠭᠤᠯᠬᠤ ᠨᠢᠭᠡᠴᠡ ᠪᠣᠯᠬᠤ ᠭᠡᠷ ᠬᠥᠷᠥᠩᠭᠡ ᠶᠢᠨ ᠦᠢᠯᠡᠰ ᠤᠨ ᠬᠥᠭᠵᠢᠭᠦᠯᠦᠯᠲᠡ ᠶᠢᠨ ᠲᠥᠪ ᠤᠨ ᠨᠠᠮ ᠤᠨ ᠡᠭᠦᠷ  ᠨᠢ ᠲᠡᠷᠡ ᠳᠠᠷᠤᠢ ᠳᠤᠨᠢ ᠪᠠᠷᠢᠯᠭ᠎ᠠ ᠶᠢᠨ ᠨᠢᠭᠡᠴᠡ ᠲᠠᠢ ᠬᠠᠷᠢᠯᠴᠠᠵᠤ᠂ ᠪᠣᠳᠠᠲᠠᠢ ᠲᠥᠰᠥᠯ ᠲᠣᠭᠲᠠᠭᠠᠵᠤ᠂ ᠬᠡᠦ ᠣᠪᠣᠭᠲᠤ ᠳᠤ ᠲᠤᠰᠠᠯᠠᠨ ᠬᠦᠷᠳᠦᠲᠦ ᠰᠠᠨᠳᠠᠯᠢ ᠪᠠᠷ ᠭᠠᠷᠴᠤ ᠪᠠᠭᠤᠬᠤ ᠳᠤ ᠳᠦᠭᠦᠮ ᠨᠠᠯᠠᠤ ᠵᠠᠮ ᠲᠠᠭᠠᠷᠠᠭᠤᠯᠵᠤ ᠥᠭᠪᠡ᠃    ᠣᠶᠢᠷ᠎ᠠ ᠶᠢᠨ ᠡᠳᠦᠷ᠂ ᠯᠢ ᠵᠢᠩ ᠵᠢᠶᠠ ᠶᠤᠸᠠᠨ ᠰᠠᠭᠤᠭᠠᠯᠢ ᠲᠣᠭᠤᠷᠢᠭ ᠤᠨ ᠰᠠᠭᠤᠭᠠᠯᠢ ᠠᠷᠠᠳ ᠠᠴᠠ᠄ ︽ᠰᠠᠭᠤᠭᠠᠯᠢ ᠲᠣᠭᠤᠷᠢᠭ ᠲᠠᠬᠢ ᠨᠢᠭᠡ ᠬᠤᠳᠳᠤᠭ ᠤᠨ ᠬᠠᠪᠬᠠᠭᠠᠰᠤ ᠡᠪᠳᠡᠭᠳᠡᠭᠰᠡᠨ ᠲᠤᠯᠠ ᠰᠠᠭᠤᠭᠠᠯᠢ ᠠᠷᠠᠳ ᠤᠨ ᠶᠠᠪᠤᠵᠤ ᠰᠠᠭᠤᠬᠤ ᠳᠤ ᠲᠦᠭᠦᠮ ᠦᠭᠡᠢ᠂ ᠳᠠᠷᠤᠶᠢᠬᠠᠨ ᠰᠡᠯᠪᠢᠨ ᠵᠠᠰᠠᠬᠤ ᠴᠢᠬᠤᠯᠠᠲᠠᠢ ᠪᠠᠶᠢᠨ᠎ᠠ᠂ ᠬᠤᠲᠠ ᠲᠣᠭᠤᠷᠢᠭ ᠤᠨ ᠠᠵᠢᠯᠲᠠᠨ ᠬᠠᠪᠰᠤᠷᠤᠨ ᠰᠢᠢᠳᠪᠦᠷᠢᠯᠡᠵᠦ ᠥᠭᠬᠦ ᠶᠢ ᠬᠦᠰᠡᠵᠦ ᠪᠠᠶᠢᠨ᠎ᠠ︾ ᠭᠡᠰᠡᠨ ᠮᠡᠳᠡᠭᠦᠯᠦᠯᠳᠡ ᠶᠢ ᠲᠣᠰᠴᠠᠢ᠃   ᠰᠠᠭᠤᠭᠠᠯᠢ ᠠᠷᠠᠳ ᠤᠨ ᠲᠤᠰᠬᠠᠯ ᠢ ᠲᠣᠰᠣᠭᠰᠠᠨ ᠤ ᠳᠠᠷᠠᠭ᠎ᠠ᠂ ᠨᠡᠶᠢᠭᠡᠮ ᠲᠣᠭᠤᠷᠢᠭ ᠤᠨ  ᠬᠤᠲᠠ ᠲᠣᠭᠤᠷᠢᠭ  ᠤᠨ ᠠᠵᠢᠯᠲᠠᠨ ᠳᠠᠷᠤᠶᠢᠬᠠᠨ ᠲᠤᠬᠠᠢ ᠶᠢᠨ ᠲᠠᠯᠠᠪᠤᠷ ᠲᠤ ᠬᠦᠷᠴᠦ ᠬᠤᠳᠳᠤᠭ ᠤᠨ ᠬᠠᠪᠬᠠᠭᠠᠰᠤ ᠡᠪᠳᠡᠷᠡᠵᠦ ᠰᠦᠢᠳᠦᠭᠰᠡᠨ ᠪᠠᠶᠢᠳᠠᠯ ᠢ ᠪᠠᠶᠢᠴᠠᠭᠠᠨ ᠦᠵᠡᠪᠡ᠃ ᠰᠠᠭᠤᠭᠠᠯᠢ ᠠᠷᠠᠳ ᠤᠨ ᠠᠮᠤᠷ ᠲᠦᠪᠰᠢᠨ ᠢ ᠪᠠᠲᠤᠯᠠᠵᠤ᠂ ᠰᠠᠨᠠᠭᠠᠨ ᠳᠤ ᠦᠭᠡᠢ ᠬᠡᠷᠡᠭ ᠭᠠᠷᠬᠤ ᠠᠴᠠ ᠰᠡᠷᠭᠡᠶᠢᠯᠡᠬᠦ ᠶᠢᠨ ᠲᠤᠰᠠᠳᠠ᠂ ᠬᠤᠲᠠ ᠲᠣᠭᠤᠷᠢᠭ ᠤᠨ ᠠᠵᠢᠯᠲᠠᠨ ᠰᠡᠷᠡᠮᠵᠢᠯᠡᠭᠦᠯᠬᠦ ᠲᠡᠮᠳᠡᠭ ᠲᠠᠯᠪᠢᠬᠤ ᠶᠢᠨ ᠬᠠᠮᠲᠤ ᠣᠶᠢᠷ᠎ᠠ ᠬᠠᠪᠢ ᠪᠠᠷ ᠥᠩᠭᠡᠷᠡᠬᠦ ᠬᠥᠮᠥᠰ ᠲᠤ ᠠᠮᠤᠷ ᠲᠦᠪᠰᠢᠨ ᠢ ᠠᠩᠬᠠᠷᠬᠤ ᠶᠢ ᠰᠠᠨᠠᠭᠤᠯᠵᠤ᠂ ᠡᠪᠳᠡᠷᠡᠵᠦ ᠰᠦᠢᠳᠦᠭᠰᠡᠨ ᠬᠤᠳᠳᠤᠭ ᠤᠨ ᠠᠮᠠᠰᠠᠷ ᠢ ᠰᠡᠯᠪᠢᠨ ᠵᠠᠰᠠᠭᠤᠯᠪᠠ᠃   ᠦᠨᠳᠦᠰᠦᠨ ᠱᠠᠲᠤᠨ ᠤ ᠵᠠᠰᠠᠯᠲᠠ ᠪᠠ ︽ᠬᠤᠪᠢᠰᠬᠠᠯᠲᠤ ᠠᠳᠠᠯ ᠠᠬᠤᠢ︾ ᠶᠢ ᠭᠦᠨᠵᠡᠭᠡᠢ  ᠠᠭᠤᠰᠤᠯᠴᠠᠭᠤᠯᠵᠤ ᠂ ᠬᠠᠷᠢᠶ᠎ᠠ ᠣᠷᠣᠨ ᠤ ᠰᠠᠭᠤᠭᠠᠯᠢ ᠠᠷᠠᠳ ᠤᠨ ᠬᠦᠷᠲᠡᠮᠵᠢᠲᠦ ᠲᠥᠷᠥᠭᠳᠡᠯ᠂ ᠵᠣᠯ ᠵᠢᠷᠭᠠᠯᠲᠤ ᠲᠥᠷᠥᠭᠳᠡᠯ ᠪᠠ ᠠᠮᠤᠷ ᠲᠦᠪᠰᠢᠨ ᠤ ᠲᠥᠷᠥᠭᠳᠡᠯ ᠢ ᠳᠡᠭᠡᠭᠰᠢᠯᠡᠭᠦᠯᠬᠦ ᠶᠢᠨ ᠲᠤᠰᠠᠳᠠ᠂ ᠣᠶᠢᠷ᠎ᠠ ᠶᠢᠨ ᠡᠳᠦᠷ᠂ ᠪᠠᠶᠠᠨᠬᠤᠰᠢᠭᠤ ᠨᠡᠶᠢᠭᠡᠮ ᠲᠣᠭᠤᠷᠢᠭ ᠤᠨ ᠬᠤᠲᠠ ᠲᠣᠭᠤᠷᠢᠭ ᠤᠨ ᠠᠵᠢᠯᠲᠠᠨ᠂ ︽ᠬᠤᠪᠢᠰᠬᠠᠯᠲᠤ ᠠᠳᠠᠯ ᠠᠬᠤᠢ︾ ᠶᠢᠨ ᠰᠠᠶᠢᠨ ᠳᠤᠷᠠᠴᠤᠤᠯ ᠪᠠ ᠬᠠᠮᠲᠤ ᠪᠠᠷ ᠪᠠᠶᠢᠭᠤᠯᠬᠤ ᠨᠢᠭᠡᠴᠡ ᠬᠠᠮᠲᠤᠷᠠᠨ ᠡᠷᠡᠭᠦᠯ ᠬᠠᠮᠠᠭᠠᠯᠠᠯ ᠠᠷᠢᠭᠤᠨ ᠴᠡᠪᠡᠷ ᠤᠨ ᠠᠵᠢᠯᠯᠠᠭ᠎ᠠ ᠵᠢᠴᠢ ᠢᠳᠡᠭᠡᠨ ᠤ ᠠᠮᠤᠷ ᠲᠦᠪᠰᠢᠨ ᠤ ᠪᠠᠶᠢᠴᠠᠭᠠᠯᠲᠠ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠥᠷᠨᠢᠭᠦᠯᠪᠡ᠃ ᠠᠵᠢᠯᠯᠠᠭ᠎ᠠ ᠳᠤᠮᠳᠠ᠂ ᠨᠡᠶᠢᠭᠡᠮ ᠲᠣᠭᠤᠷᠢᠭ ᠤᠨ ᠠᠵᠢᠯᠲᠠᠨ᠂ ᠬᠤᠪᠢᠰᠬᠠᠯᠲᠤ ᠠᠳᠠᠯ ᠠᠬᠤᠢ ᠶᠢᠨ ᠰᠠᠶᠢᠨ ᠳᠤᠷᠠᠴᠤᠤᠯ ᠪᠠ ᠬᠠᠮᠲᠤ ᠪᠠᠷ ᠪᠠᠶᠢᠭᠤᠯᠬᠤ ᠨᠢᠭᠡᠴᠡ ᠪᠠᠷ ᠪᠦᠷᠢᠯᠳᠦᠭᠰᠡᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠨᠢ ᠵᠡᠭᠡᠯᠢ ᠳᠠᠭᠠᠤ ᠬᠤᠳᠠᠯᠳᠤᠭ᠎ᠠ ᠳᠡᠯᠭᠡᠭᠦᠷ ᠢᠶᠠᠷ ᠬᠦᠷᠴᠦ᠂ ᠢᠳᠡᠭᠡᠨ ᠤ ᠠᠮᠤᠷ ᠲᠦᠪᠰᠢᠨ ᠢ ᠪᠠᠶᠢᠴᠠᠭᠠᠵᠤ᠂ ᠰᠠᠭᠤᠭᠠᠯᠢ ᠠᠷᠠᠳ ᠤᠨ ᠢᠳᠡᠭᠡᠨ ᠤ ᠠᠮᠤᠷ ᠲᠦᠪᠰᠢᠨ ᠢ ᠪᠥᠬᠦ ᠬᠦᠴᠦᠨ ᠢᠶᠠᠷ ᠢᠶᠠᠨ ᠪᠠᠲᠤᠯᠠᠪᠠ᠃ ᠡᠭᠦᠨ ᠤ ᠬᠠᠮᠲᠤ᠂ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠨᠢ᠂ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠠᠷᠢᠭᠤᠨ ᠴᠡᠪᠡᠷ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠬᠠᠷᠢᠶ᠎ᠠ ᠣᠷᠣᠨ ᠤ ᠰᠠᠭᠤᠭᠠᠯᠢ ᠠᠷᠠᠳ ᠤᠨ ᠠᠮᠢᠳᠤᠷᠠᠯ ᠤᠨ ᠣᠷᠴᠢᠨ ᠲᠣᠭᠤᠷᠢᠨ ᠤ ᠴᠡᠪᠡᠷ ᠲᠠᠭᠠᠯᠠᠮᠵᠢᠲᠠᠢ ᠪᠠᠶᠢᠬᠤ ᠶᠢ ᠴᠢᠷᠮᠠᠶᠢᠨ ᠪᠠᠲᠤᠯᠠᠪᠠ᠃   ︽ᠬᠤᠪᠢᠰᠬᠠᠯᠲᠤ ᠠᠳᠠᠯ ᠠᠬᠤᠢ︾ ᠶᠢᠨ ᠠᠵᠢᠯ ᠢ ᠥᠷᠨᠢᠭᠦᠯᠦᠭᠰᠡᠨ ᠠᠴᠠ ᠨᠠᠰᠢ᠂ ᠪᠠᠯᠭᠠᠷ ᠨᠡᠶᠢᠭᠡᠮ ᠲᠣᠭᠤᠷᠢᠭ  ᠨᠢ ᠪᠦᠬᠦ ᠠᠶᠢᠮᠠᠭ ᠤᠨ ︽ᠪᠠᠷᠢᠮᠵᠢᠶ᠎ᠠ ᠳᠤ ᠵᠣᠬᠢᠴᠠᠭᠤᠯᠤᠨ ᠲᠡᠷᠢᠭᠦᠨ ᠤ ᠬᠢ ᠶᠢ ᠡᠭᠦᠳᠬᠦ︾ ᠠᠵᠢᠯᠯᠠᠭ᠎ᠠ ᠶᠢᠨ ᠱᠠᠭᠠᠷᠳᠠᠯᠭ᠎ᠠ ᠶᠢ ᠴᠢᠩᠭ᠎ᠠ ᠵᠢᠷᠤᠮᠯᠠᠨ᠂ ︽ᠡᠬᠢ ᠪᠠᠶᠠᠯᠢᠭ ᠢ ᠡᠮᠬᠢᠯᠡᠨ ᠨᠢᠭᠡᠳᠬᠡᠬᠦ᠂ ᠪᠣᠳᠠᠲᠠᠢ ᠶᠢ ᠡᠷᠬᠢᠮᠯᠡᠨ ᠦᠢᠯᠡᠳᠦᠯ ᠢ ᠴᠢᠬᠤᠯᠠᠴᠢᠯᠠᠬᠤ᠂ ᠬᠠᠮᠲᠤ ᠪᠠᠷ ᠪᠠᠶᠢᠭᠤᠯᠵᠤ ᠬᠠᠮᠲᠤ ᠪᠠᠷ ᠡᠳ᠋ᠯᠡᠬᠦ︾ ᠵᠠᠷᠴᠢᠮ ᠶᠣᠰᠣᠭᠠᠷ᠂ ᠲᠦᠷᠦ  ᠶᠢᠨ ᠪᠣᠳᠣᠯᠭ᠎ᠠ ᠶᠢ ᠤᠬᠠᠭᠤᠯᠤᠨ ᠲᠠᠶᠢᠯᠪᠤᠷᠢᠯᠠᠬᠤ ᠦᠷᠳᠡᠭᠡ᠂ ᠠᠷᠠᠳ ᠤᠨ ᠪᠠᠶᠢᠳᠠᠯ ᠠᠷᠠᠳ ᠤᠨ ᠰᠠᠨᠠᠭ᠎ᠠ ᠶᠢ ᠴᠤᠭᠯᠠᠭᠤᠯᠬᠤ ᠦᠷᠳᠡᠭᠡ᠂ ᠬᠠᠪᠰᠤᠷᠤᠨ ᠲᠡᠳᠬᠦᠬᠦ ᠬᠦᠴᠢᠷᠳᠡᠯ ᠢ ᠰᠢᠢᠳᠪᠦᠷᠢᠯᠡᠬᠦ ᠦᠢᠯᠡᠴᠢᠯᠡᠭᠡᠨ ᠤ ᠦᠷᠳᠡᠭᠡ᠂ ᠬᠤᠳᠠ ᠶᠢᠨ ᠪᠣᠯᠪᠠᠰᠤᠨ ᠢ ᠬᠥᠲᠥᠯᠥᠨ ᠵᠢᠯᠤᠭᠤᠳᠬᠤ ᠦᠷᠳᠡᠭᠡ ᠶᠢ ᠨᠢᠭᠡ ᠴᠣᠭᠴᠠᠵᠢᠭᠤᠯᠤᠭᠰᠠᠨ ︽ᠬᠤᠪᠢᠰᠬᠠᠯᠲᠤ ᠦᠷᠳᠡᠭᠡ︾ ᠶᠢ ᠨᠠᠷᠢᠨ ᠨᠢᠮᠪᠠᠢ ᠪᠠᠶᠢᠭᠤᠯᠵᠤ᠂ ᠬᠠᠷᠢᠶ᠎ᠠ ᠣᠷᠣᠨ ᠤ ᠰᠠᠭᠤᠭᠠᠯᠢ ᠠᠷᠠᠳ ᠲᠤ ᠦᠨ᠎ᠡ ᠲᠥᠯᠥᠪᠦᠷᠢ ᠦᠭᠡᠢ ᠪᠠᠷ ᠦᠰᠦ ᠵᠠᠰᠠᠬᠤ᠂ ᠴᠢᠰᠤᠨ ᠳᠠᠷᠤᠯᠲᠠ ᠬᠡᠮᠵᠢᠬᠦ᠂ ᠠᠮᠠᠨ ᠬᠥᠨᠳᠡᠢ ᠶᠢᠨ ᠡᠮᠴᠢᠯᠡᠭᠡ ᠬᠢᠬᠦ ᠵᠡᠷᠭᠡ ᠰᠠᠶᠢᠨ ᠳᠤᠷ᠎ᠠ ᠶᠢᠨ ᠦᠢᠯᠡᠴᠢᠯᠡᠭᠡ ᠬᠠᠩᠭᠠᠵᠤ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠤᠯᠠᠨ ᠲᠦᠮᠡᠨ ᠳᠤ ᠦᠢᠯᠡᠴᠢᠯᠡᠬᠦ ︽ᠬᠠᠮᠤᠭ ᠡᠴᠦᠰ ᠤᠨ ᠨᠢᠭᠡ ᠺᠢᠯᠣᠮᠧᠲᠷ︾ ᠢ ᠨᠠᠪᠲᠠᠷᠡᠭᠦᠯᠵᠦ᠂ ︽ᠬᠤᠪᠢᠰᠬᠠᠯᠲᠤ ᠦᠷᠳᠡᠭᠡ︾ ᠪᠠᠷ ᠠᠷᠠᠳ ᠤᠨ ᠰᠡᠳᠬᠢᠯ ᠢ ᠳᠤᠯᠠᠭᠠᠴᠠᠭᠤᠯᠪᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号