ᠪᠥᠬᠦ ᠬᠤᠰᠢᠭᠤᠨ ᠤ ᠠᠩᠬᠠᠳᠤᠭᠠᠷ ᠬᠤᠭᠤᠴᠠᠭᠠᠨ ᠤ ︽ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠬᠤᠨᠳᠠᠭᠠᠲᠤ︾ ᠬᠦᠴᠦᠨ ᠲᠠᠮᠵᠢᠭᠤᠯᠬᠤ ᠤᠷᠤᠯᠳᠤᠭᠠᠨ  ᠶᠠᠪᠤᠭᠳᠠᠯ᠎ᠠ
ᠨᠡᠶᠢᠲᠡᠯᠡᠭᠰᠡᠨ ᠴᠠᠭ᠄
2023/8/29
 ᠪᠥᠬᠦ ᠬᠤᠰᠢᠭᠤᠨ ᠤ ᠠᠩᠬᠠᠳᠤᠭᠠᠷ ᠬᠤᠭᠤᠴᠠᠭᠠᠨ ᠤ ︽ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠬᠤᠨᠳᠠᠭᠠᠲᠤ︾ ᠬᠦᠴᠦᠨ ᠲᠠᠮᠵᠢᠭᠤᠯᠬᠤ ᠤᠷᠤᠯᠳᠤᠭᠠᠨ  ᠶᠠᠪᠤᠭᠳᠠᠯ᠎ᠠ                   8 ᠰᠠᠷ᠎ᠠ ᠶᠢᠨ 24 ᠤ ᠡᠳᠦᠷ᠂ ᠪᠥᠬᠦ ᠬᠤᠰᠢᠭᠤᠨ ᠤ ᠠᠩᠬᠠᠳᠤᠭᠠᠷ ᠬᠤᠭᠤᠴᠠᠭᠠᠨ ᠤ ︽ᠰᠢᠨ᠎ᠡ ᠴᠠᠭ ᠦᠶ᠎ᠡ  ᠶᠢᠨ ᠪᠣᠯᠪᠠᠰᠤᠨ ᠤ ᠦᠢᠯᠡᠳᠦᠯᠭᠡ ᠬᠤᠨᠳᠠᠭᠠᠲᠤ︾ ᠬᠦᠴᠦᠨ ᠲᠠᠮᠵᠢᠭᠤᠯᠬᠤ ᠤᠷᠤᠯᠳᠤᠭᠠᠨ ᠶᠠᠪᠤᠭᠳᠠᠪᠠ᠃   ᠲᠣᠰ ᠤᠳᠠᠭᠠᠨ ᠤ ᠤᠷᠤᠯᠳᠤᠭᠠᠨ ᠢ ᠬᠤᠰᠢᠭᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠬᠤᠰᠢᠭᠤ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠦᠢᠯᠡᠴᠢᠯᠡᠭᠡᠨ ᠤ ᠲᠥᠪ ᠠᠴᠠ ᠡᠷᠭᠢᠯᠡᠵᠦ᠂ ᠪᠥᠬᠦ ᠬᠤᠰᠢᠭᠤᠨ ᠤ 25 ᠲᠥᠯᠥᠭᠡᠯᠡᠭᠴᠢᠳ ᠤᠨ ᠠᠩᠭᠢ᠂ 200 ᠲᠠᠮᠢᠷᠴᠢᠨ ᠤᠷᠤᠯᠳᠤᠭᠠᠨ ᠳᠤ ᠣᠷᠣᠯᠴᠠᠵᠠᠢ᠃   ᠤᠷᠤᠯᠳᠤᠭᠠᠨ ᠤ ᠲᠤᠬᠠᠢ ᠶᠢᠨ ᠲᠠᠯᠠᠪᠠᠶ ᠳᠤ ᠪᠠᠰᠠ ︽ᠠᠯᠲᠠᠨ ᠬᠠᠶᠢᠷᠠᠭᠤᠴᠠᠢ︾ ᠭᠤᠣᠯ ᠰᠡᠳᠦᠪᠲᠦ ᠤᠬᠠᠭᠤᠯᠤᠨ ᠲᠠᠶᠢᠯᠪᠤᠷᠢᠯᠠᠬᠤ ᠵᠢᠴᠢ ᠨᠠᠮ ᠤᠨ ᠰᠢᠨ᠎ᠡ ᠶᠢ ᠡᠭᠦᠳᠬᠦ ᠣᠨᠣᠯ᠂ ᠦᠨᠳᠦᠰᠦᠲᠡᠨ ᠤ ᠪᠦᠯᠬᠦᠮᠳᠡᠯ᠂ ᠡᠷᠡᠭᠦᠯ ᠮᠡᠨᠳᠦ ᠶᠢᠨ ᠮᠡᠳᠡᠯᠭᠡ ᠶᠢᠨ ᠤᠬᠠᠭᠤᠯᠤᠨ ᠲᠠᠶᠢᠯᠪᠤᠷᠢᠯᠠᠬᠤ ᠠᠵᠢᠯᠯᠠᠭ᠎ᠠ ᠶᠠᠪᠤᠭᠳᠠᠨ᠂ ︽ᠠᠯᠲᠠᠨ ᠬᠠᠶᠢᠷᠠᠭᠤᠴᠠᠢ︾ ᠭᠤᠣᠯ ᠰᠡᠳᠦᠪᠲᠦ ᠤᠬᠠᠭᠤᠯᠤᠨ ᠲᠠᠶᠢᠯᠪᠤᠷᠢᠯᠠᠬᠤ ᠪᠦᠯᠬᠦᠮ ᠤᠨ 3 ᠭᠡᠰᠢᠭᠦᠨ ᠠᠴᠠ ᠨᠠᠮ ᠤᠨ ᠣᠨᠣᠯ᠂ ᠦᠨᠳᠦᠰᠦᠲᠡᠨ ᠤ ᠪᠦᠯᠬᠦᠮᠳᠡᠯ ᠪᠠ ᠪᠥᠬᠦ ᠠᠷᠠᠳ ᠤᠨ ᠡᠷᠡᠭᠦᠯ ᠮᠡᠨᠳᠦ ᠵᠡᠷᠭᠡ ᠲᠠᠯ᠎ᠠ ᠶᠢᠨ ᠲᠣᠭᠤᠷᠢᠨ ᠳᠤ ᠠᠮᠢᠳᠤᠯᠢᠭ ᠪᠥᠭᠡᠳ ᠨᠠᠷᠢᠨ ᠲᠠᠶᠢᠯᠤᠮᠵᠢ ᠬᠢᠵᠦ᠂ ᠤᠷᠤᠯᠳᠤᠭᠠᠨ ᠳᠤ ᠣᠷᠣᠯᠴᠠᠭᠰᠠᠳ ᠤᠨ ᠨᠠᠮ ᠤᠨ ᠣᠨᠣᠯ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠤᠨ ᠣᠶᠢᠯᠠᠭᠠᠯᠲᠠ ᠶᠢ ᠪᠠᠲᠤᠳᠬᠠᠬᠤ ᠶᠢᠨ ᠬᠠᠮᠲᠤ ᠡᠷᠡᠭᠦᠯ ᠮᠡᠨᠳᠦ ᠶᠢᠨ ᠣᠶᠢᠯᠠᠭᠠᠭᠳᠠᠬᠤᠨ ᠢ ᠨᠢ ᠲᠡᠭᠡᠭᠰᠢᠯᠠᠬᠦᠯᠪᠠ᠃  ᠬᠤᠷᠴᠠ ᠰᠢᠷᠦᠭᠦᠨ ᠥᠷᠢᠰᠦᠯᠳᠦᠭᠡᠨ ᠢᠶᠠᠷ ᠲᠠᠮᠵᠢᠨ᠂ ᠪᠠᠶᠠᠩᠬᠤᠸᠠ ᠪᠠᠯᠭᠠᠰᠤ᠂ ᠶᠡᠷᠦᠩᠬᠡᠶᠢᠯᠡᠭᠰᠡᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ᠂ ᠠᠩᠬ᠎ᠠ ᠵᠡᠷᠭᠡ ᠶᠢᠨ  ᠨᠢᠭᠡᠳᠦᠭᠡᠷ ᠳᠤᠮᠳᠠᠳᠤ ᠰᠤᠷᠭᠠᠭᠤᠯᠢ᠂ ᠪᠠᠴᠢᠮ ᠪᠠᠶᠢᠳᠠᠯ  ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ᠂  ᠬᠤᠭᠤᠯᠠᠳᠣ ᠶᠢᠨ ᠭᠤᠣᠯ ᠪᠠᠯᠭᠠᠰᠤ᠂ ᠤᠬᠠᠭᠤᠯᠬᠤ ᠬᠡᠯᠲᠡᠰ ᠤᠨ ᠲᠦᠯᠤᠬᠡᠯᠡᠭᠴᠢ ᠶᠢᠨ ᠠᠩᠭᠢ ᠲᠤᠰ ᠲᠤᠰ ᠲᠦᠷᠦᠭᠦᠦ ᠵᠢᠷᠭᠤᠭ᠎ᠠ ᠳᠤ ᠲᠤᠳᠤᠷᠠᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号