ᠠᠷᠠᠳ ᠤᠨ ᠨᠠᠭᠠᠳᠣᠮ ᠢᠶᠠᠷ ᠪᠢᠳᠡ ᠴᠠᠭᠠᠨ ᠢᠳᠡᠭᠡ ᠲᠠᠢ ᠪᠠᠨ ᠣᠷᠣᠯᠴᠠᠨ᠎ᠠ
ᠨᠡᠶᠢᠲᠡᠯᠡᠭᠰᠡᠨ ᠴᠠᠭ᠄
2023/8/21
       ᠠᠷᠠᠳ ᠤᠨ ᠨᠠᠭᠠᠳᠣᠮ ᠢᠶᠠᠷ ᠪᠢᠳᠡ ᠴᠠᠭᠠᠨ ᠢᠳᠡᠭᠡ ᠲᠠᠢ ᠪᠠᠨ ᠣᠷᠣᠯᠴᠠᠨ᠎ᠠ                                 ᠬᠦᠳᠡᠭᠡ ᠶᠢᠨ ᠨᠠᠮ ᠬᠦᠮ ᠳᠤ ᠬᠦᠭ ᠨᠡᠮᠡᠵᠦ ᠰᠠᠭᠠᠯᠢᠴᠢᠨ ᠪᠦᠰᠡᠭᠦᠶᠢᠴᠣᠳ ᠤᠨ  ᠦᠷᠯᠦᠬᠡᠨ ᠤ ᠰᠠᠭᠠᠯᠢ ᠰᠦᠨ  ᠤ ᠠᠵᠢᠯ ᠡᠬᠢᠯᠡᠨ᠎ᠡ᠃ ᠵᠢᠷ ᠤᠨ ᠭᠤᠣᠯ ᠪᠠᠯᠭᠠᠰᠣᠨ ᠤ ᠵᠢᠭᠠᠰᠣᠲᠠᠢ ᠭᠠᠴᠠᠭᠠᠨ ᠤ ᠮᠠᠯᠴᠢᠨ ᠪᠦᠰᠡᠭᠦᠢ ᠬᠠᠰᠪᠢᠯᠢᠭ᠌ ᠡᠨᠡ  ᠵᠢᠯ ᠤᠨ ᠬᠤᠰᠢᠭᠤᠨ ᠤ ᠠᠷᠠᠳ ᠤᠨ ᠨᠠᠶᠢᠷ ᠲᠤ ᠴᠠᠭᠠᠨ ᠢᠳᠡᠭᠡ ᠪᠠᠨ ᠠᠪᠴᠦ ᠣᠷᠣᠯᠴᠠᠬᠤ ᠭᠡᠵᠦ ᠡᠳᠦᠷ ᠪᠦᠷᠢ ᠡᠷᠳᠡᠯᠡᠨ ᠦᠨᠢᠶ᠎ᠠ ᠮᠠᠯ ᠢᠶᠠᠨ ᠰᠠᠭᠠᠵᠣ ᠣᠯᠠᠨ ᠲᠦᠷᠦᠯ ᠤᠨ ᠴᠠᠭᠠᠨ ᠢᠳᠡᠭᠡ ᠪᠠᠨ ᠴᠠᠭ ᠢ ᠵᠠᠪᠳᠣᠨ ᠪᠡᠯᠡᠳᠬᠡᠨ᠎ᠡ᠃  ᠲᠡᠷᠡᠪᠡᠷ  ᠡᠨᠡ  ᠵᠢᠯ ᠤᠨ ᠠᠷᠠᠳ ᠤᠨ ᠨᠠᠭᠠᠳᠣᠮ ᠤᠨ ᠴᠠᠭᠠᠨ ᠢᠳᠡᠭᠡᠨ ᠤ ᠦᠵᠡᠭᠦᠯᠦᠯᠭᠡ ᠳᠤ  ᠶᠢᠰᠦᠨ ᠲᠦᠷᠦᠯ ᠤᠨ ᠴᠠᠭᠠᠨ ᠢᠳᠡᠭᠡ  ᠪᠠᠷ ᠣᠷᠣᠯᠴᠠᠬᠤ ᠪᠠᠷ ᠨᠡᠷ᠎ᠡ ᠮᠡᠳᠡᠭᠦᠯᠵᠦ᠂ ᠨᠠᠭᠠᠳᠣᠮ ᠤᠨ ᠡᠳᠦᠷ ᠠᠴᠠ ᠣᠷᠢᠳᠴᠢᠯᠠᠨ ᠪᠦᠬᠦ  ᠠᠵᠢᠯ ᠢᠶᠠᠨ ᠲᠠᠭᠤᠰᠬᠠᠬᠤ  ᠪᠠᠷ ᠡᠳᠦᠷ ᠪᠦᠷᠢ ᠶᠢ ᠶᠠᠭᠠᠷᠠᠯᠳᠠᠢ ᠥᠩᠭᠡᠷᠡᠭᠡᠨ᠎ᠡ᠃       ᠣᠣᠯ ᠨᠢ  ᠰᠦ ᠴᠠᠭᠠᠨ ᠢᠳᠡᠭᠡ ᠨᠢ ᠬᠦᠳᠡᠭᠡ ᠨᠣᠳᠤᠭ ᠤᠨ ᠮᠠᠯᠴᠢᠨ ᠠᠶᠢᠯ ᠤᠨ ᠠᠵᠣ ᠠᠮᠢᠳᠣᠷᠠᠯ ᠤᠨ ᠲᠣᠮᠳᠠᠬᠢ ᠭᠤᠣᠯ ᠲᠦᠷᠦᠯ ᠵᠦᠢᠯ᠂ ᠰᠢᠮ᠎ᠡ  ᠲᠡᠵᠢᠭᠡᠯ᠂  ᠮᠠᠯ ᠤᠨ ᠠᠰᠢᠭ ᠰᠢᠮ᠎ᠡ ᠪᠠᠨ ᠡᠳ᠋ᠰᠢᠭᠦᠯᠦᠨ ᠪᠣᠯᠪᠠᠰᠣᠷᠠᠭᠤᠯᠬᠤ ᠲᠡᠳᠦᠢ ᠪᠠᠶᠢᠭᠰᠠᠨ ᠪᠣᠯ ᠣᠳᠣ ᠴᠠᠭ ᠦᠶ᠎ᠠ  ᠬᠦᠭᠵᠢᠨ᠂ ᠬᠦᠮᠦᠰ ᠤᠨ ᠵᠠᠬ᠎ᠠ ᠵᠡᠭᠡᠯᠢ ᠳᠤ ᠬᠠᠨᠳᠣᠬᠤ ᠬᠠᠨᠳᠣᠯᠭ᠎ᠠ ᠨᠡᠭᠡᠭᠡᠯᠲᠡ ᠲᠠᠢ ᠪᠣᠯᠬᠤ ᠶᠢ ᠲᠠᠭᠠᠯᠳᠣᠨ ᠰᠦ ᠴᠠᠭᠠᠨ ᠢᠳᠡᠭᠡᠨ ᠤ ᠵᠦᠢᠯ ᠨᠢ ᠴᠣ᠋ ᠮᠠᠯᠴᠢᠨ ᠪᠦᠰᠡᠭᠦᠶᠢᠴᠣᠳ ᠤᠨ ᠢᠶᠠᠨ ᠮᠡᠷᠭᠡᠵᠢᠯ ᠤᠨ ᠠᠵᠢᠯ ᠤᠨ ᠨᠢᠭᠡᠨ ᠵᠦᠢᠯ ᠢᠶᠠᠷ ᠦᠨᠡᠯᠡᠭᠳᠡᠨ ᠵᠠᠬ᠎ᠠ ᠵᠡᠭᠡᠯᠢ ᠳᠤ ᠲᠠᠨᠢᠭᠳᠠᠵᠣ ᠡᠬᠢᠯᠡᠭᠰᠡᠨ ᠪᠦᠭᠡᠳ ᠡᠷᠡᠭᠦᠯ ᠢᠳᠡᠭᠡᠨ ᠣᠮᠳᠠᠭᠠᠨ ᠤ ᠭᠤᠣᠯ ᠰᠣᠩᠭᠤᠯᠳᠠ ᠪᠣᠯᠵᠣ ᠢᠷᠡᠭᠰᠡᠨ ᠪᠠᠶᠢᠨ᠎ᠠ᠃      ᠡᠨᠡ ᠵᠢᠯ ᠪᠠᠷᠠᠭᠤᠨ ᠦᠵᠦᠮᠦᠴᠢᠨ ᠬᠤᠰᠢᠭᠤ ᠨᠢ ᠠᠷᠪᠠᠨ ᠲᠦᠷᠪᠡᠳᠦᠭᠡᠷ ᠣᠳᠠᠭᠠᠨ ᠤ ᠠᠷᠠᠳ ᠤᠨ ᠶᠡᠭᠡ ᠨᠠᠶᠢᠷ  ᠢᠶᠠᠷ ᠢᠶᠠᠨ ᠬᠡᠳᠦᠨ ᠲᠦᠷᠦᠯ ᠤᠨ   ︿ᠦᠵᠦᠮᠦᠴᠢᠨ ᠴᠠᠭᠠᠨ ᠢᠳᠡᠭᠡᠨ﹀ ᠤ  ᠲᠡᠯᠭᠡᠨ ᠦᠵᠡᠭᠦᠯᠦᠯᠭᠡ   ᠶᠢ ᠲᠣᠬᠢᠷᠠᠭᠤᠯᠣᠭᠰᠠᠨ ᠢᠶᠠᠷ᠂ ᠪᠠᠷᠠᠭᠤᠨ ᠦᠵᠦᠮᠦᠴᠢᠨ ᠬᠤᠰᠢᠭᠤᠨ ᠤ ᠴᠠᠭᠠᠨ ᠢᠳᠡᠭᠡᠨ ᠤ ᠨᠡᠶᠢᠭᠡᠮᠯᠢᠭ ᠨᠢ ᠬᠡᠰᠢᠭᠦᠳ ᠢᠶᠠᠨ ᠢᠳᠡᠪᠬᠢᠲᠡᠢ ᠵᠣᠬᠢᠶᠠᠨ ᠪᠠᠶᠢᠭᠤᠯᠣᠨ᠂ ᠮᠠᠯᠴᠢᠳ ᠪᠦᠰᠡᠭᠦᠶᠢᠴᠣᠳ ᠤᠨ ᠢᠶᠠᠨ ᠣᠷᠮ᠎ᠠ ᠶᠢ ᠲᠠᠶᠢᠴᠢᠯᠠᠬᠤ᠂ ᠲᠦᠷᠦᠯ ᠵᠦᠢᠯ  ᠤᠨ ᠲᠣᠭᠤᠶᠢᠯᠠᠩ ᠬᠤᠪᠢᠶᠠᠬᠤ᠂ ᠲᠠᠩᠰᠠᠯᠠᠨ ᠪᠦᠷᠢᠳᠬᠡᠬᠦ᠂  ᠦᠵᠡᠭᠦᠯᠦᠯᠭᠡ ᠶᠢᠨ ᠠᠬᠤᠢ ᠲᠠᠯᠠᠪᠠᠢ ᠶᠢ ᠲᠣᠬᠢᠷᠠᠭᠤᠯᠬᠤ ᠵᠡᠷᠭᠡ  ᠠᠵᠢᠯ ᠢ ᠡᠷᠴᠢᠮᠳᠡᠢ ᠥᠷᠨᠢᠭᠦᠯᠵᠦ ᠣᠳᠣ  ᠡᠯ᠎ᠡ ᠲᠠᠯ᠎ᠠ ᠶᠢᠨ ᠰᠢᠪᠳᠣᠷᠭᠠᠨ ᠳᠠᠭᠠᠨ ᠣᠷᠣᠭᠰᠠᠨ ᠪᠠᠶᠢᠨ᠎ᠠ᠃      ᠣᠶᠢᠯᠠᠭᠠᠭᠰᠠᠨ ᠢᠶᠠᠷ ᠡᠨᠡ ᠵᠢᠯ ᠪᠠᠷᠠᠭᠤᠨ ᠦᠵᠦᠮᠦᠴᠢᠨ ᠬᠤᠰᠢᠭᠤᠨ ᠤ ᠠᠷᠪᠠᠨ ᠲᠦᠷᠪᠡᠳᠦᠭᠡᠷ ᠣᠳᠠᠭᠠᠨ ᠤ ᠠᠷᠠᠳ ᠤᠨ ᠶᠡᠭᠡ ᠨᠠᠶᠢᠷ ᠤᠨ   ︽ᠦᠵᠦᠮᠦᠴᠢᠨ ᠴᠠᠭᠠᠨ ᠢᠳᠡᠭᠡᠨ  ︾ ᠤ  ᠦᠵᠡᠭᠦᠯᠦᠯᠭᠡ   ᠳᠤ  ᠣᠳᠣᠬᠠᠨ ᠪᠣᠯᠳᠠᠯ᠎ᠠ  ᠂ ᠰᠢᠨ᠎ᠡ ᠬᠡᠯᠪᠡᠷᠢ ᠶᠢᠨ ᠴᠠᠭᠠᠨ ᠢᠳᠡᠭᠡᠨ ᠤ ᠲᠡᠯᠭᠡᠨ ᠦᠵᠡᠭᠦᠯᠦᠯᠭᠡ ᠳᠤ 13 ᠲᠣᠭᠤᠶᠢᠯᠠᠩ ᠤᠨ 39 ᠬᠦᠮᠦᠨ᠂  ᠣᠷᠠᠨ ᠬᠢᠴᠡᠳᠦ ᠬᠤᠷᠣᠳ ᠬᠢᠬᠦ ᠣᠷᠣᠯᠳᠣᠭᠠᠨ ᠳᠤ 16 ᠬᠦᠮᠦᠨ᠂  ᠪᠣᠭᠤᠳᠠᠯ ᠪᠠᠭᠯᠠᠭ᠎ᠠ᠂  ᠡᠵᠡᠩᠨᠡᠯᠲᠡ ᠶᠢᠨ ᠠᠷᠭ᠎ᠠ ᠬᠡᠯᠪᠡᠷᠢ  ᠶᠢᠨ ᠦᠵᠡᠭᠦᠯᠦᠯᠭᠡ ᠵᠡᠷᠭᠡ ᠲᠦᠷᠦᠯ ᠵᠦᠢᠯ ᠳᠤ ᠠᠷᠪᠠᠭᠠᠳ ᠡᠷᠦᠭᠡ ᠨᠡᠷ᠎ᠡ ᠮᠡᠳᠡᠭᠦᠯᠦᠨ ᠣᠷᠣᠯᠴᠠᠬᠤ ᠪᠠᠷ ᠪᠡᠯᠡᠳᠭᠡᠵᠦ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号