ᠭᠤᠷᠪᠠᠨ ᠰᠠᠶᠢᠨ ᠳᠠᠳᠬᠠᠯ ᠢ ᠪᠠᠷᠢᠮᠲᠠᠯᠠᠶ᠎ᠠ | | ᠡᠷᠲᠡ ᠪᠣᠰᠴᠤ ᠪᠠᠢ︕ ︽ᠪᠠᠷᠰ ᠴᠠᠭ ᠲᠤ ᠪᠤᠰᠬᠤ ᠦᠭᠡᠢ ᠪᠣᠯ ᠡᠳᠦᠷ ᠤᠨ ᠶᠠᠪᠤᠳᠠᠯ ᠬᠤᠴᠣᠷᠤᠨ᠎ᠠ︾ | ᠬᠡᠳᠡᠭ᠃ ᠥᠷᠯᠥᠭᠡ ᠪᠦᠷᠢ ᠡᠷᠲᠡ ᠪᠣᠰᠴᠤ᠂ ᠲᠠᠪᠠ ᠪᠠᠷ ᠢᠶᠠᠨᠴᠠᠢ ᠪᠠᠨ ᠤᠤᠭᠤᠵᠤ᠂ ᠠᠵᠢᠯ ᠳᠠᠭᠠᠨ ᠶᠠᠭᠠᠷᠠᠵᠤ | ᠰᠠᠨᠳᠤᠷᠬᠤ ᠦᠭᠡᠢ ᠣᠷᠣᠵᠤ ᠪᠠᠢ᠃ | ᠨᠣᠮ ᠱᠠᠭᠠᠶᠢᠵᠤ ᠪᠠᠢ᠃ ᠨᠣᠮ ᠪᠣᠯ ᠳᠣᠮ ᠶᠤᠮ᠃ ᠥᠪᠡᠷ ᠢ ᠪᠠᠨ ᠮᠡᠳᠡᠯᠭᠡ ᠲᠠᠢ ᠪᠣᠯᠪᠠᠰᠤᠷᠠᠯ ᠲᠠᠢ ᠪᠠᠶᠢᠯᠭᠠᠬᠤ ᠳᠤ | ᠨᠣᠮ ᠠᠴᠠ ᠰᠠᠯᠵᠤ ᠴᠢᠳᠠᠬᠤ ᠦᠭᠡᠢ᠃ ᠨᠢᠭᠡ ᠨᠢᠭᠡ ᠳᠡᠪᠲᠡᠷ ᠢᠶᠠᠷ ᠤᠩᠰᠢᠭᠠᠳ ᠵᠠᠭᠤᠨ ᠳᠡᠪᠲᠡᠷ ᠪᠣᠯᠵᠤ ᠢᠷᠡᠬᠦ ᠳᠤ᠂ | ᠮᠡᠳᠡᠯᠭᠡ ᠮᠡᠷᠭᠡᠵᠢᠯ ᠴᠢᠨᠢ ᠳᠡᠭᠡᠭᠰᠢᠯᠡᠵᠦ᠂ ᠵᠠᠷᠢᠮ ᠠᠰᠠᠭᠤᠳᠠᠯ ᠢ ᠳᠠᠳᠮᠠᠭᠠᠢ ᠪᠠᠷ ᠰᠢᠢᠳᠪᠦᠷᠢᠯᠡᠵᠦ ᠴᠢᠳᠠᠳᠠᠭ ᠪᠣᠯᠣᠨ᠎ᠠ᠃ | ᠮᠢᠩᠭᠠᠨ ᠳᠡᠪᠲᠡᠷ ᠨᠣᠮ ᠤᠩᠰᠢᠬᠤ ᠳᠤ᠂ ᠬᠠᠷᠠᠭ᠎ᠠ ᠪᠦᠷ ᠴᠦ ᠲᠡᠯᠡᠵᠦ᠂ ᠠᠮᠢᠳᠤᠷᠠᠯ ᠢ ᠮᠠᠰᠢ ᠰᠠᠶᠢᠨ ᠣᠶᠢᠯᠠᠭᠠᠳᠠᠭ | ᠪᠣᠯᠵᠤ ᠢᠷᠡᠨ᠎ᠡ᠃ ᠭᠡᠬᠦ ᠳᠡᠭᠡᠨ ᠬᠠᠷᠢᠨ ᠥᠪᠡᠷ ᠲᠤ ᠴᠢᠨᠢ ᠬᠡᠷᠡᠭᠲᠡᠢ ᠨᠣᠮ ᠢ ᠰᠣᠩᠭᠤᠵᠤ ᠤᠩᠰᠢᠬᠤ ᠶᠤᠮ ᠰᠢᠦ᠃ | | ᠬᠠᠶᠠ ᠭᠠᠭᠴᠠᠭᠠᠷ ᠢᠶᠠᠨ ᠠᠮᠤᠷ ᠲᠠᠶᠢᠪᠤᠩ ᠪᠠᠶᠢᠵᠤ ᠰᠣᠷ᠃ ᠭᠠᠭᠴᠠᠭᠠᠷ ᠪᠠᠶᠢᠬᠤ ᠭᠡᠳᠡᠭ ᠨᠢ ᠬᠥᠮᠥᠨ | ᠠᠮᠢᠳᠠᠨ ᠠᠴᠠ ᠵᠠᠶᠢᠳᠠᠬᠤ ᠶᠠᠪᠤᠳᠠᠯ ᠪᠢᠰᠢ᠂ ᠬᠠᠷᠢᠨ ᠥᠪᠡᠷ ᠤᠨ ᠪᠡᠶ᠎ᠡ ᠳᠡᠭᠡᠨ ᠣᠷᠣᠨ ᠵᠠᠢ ᠣᠯᠭᠤᠵᠤ᠂ ᠥᠪᠡᠷ ᠤᠨ | ᠳᠤᠷᠠᠲᠠᠢ ᠵᠦᠢᠯ ᠳᠡᠭᠡᠨ ᠰᠢᠮᠳᠠᠬᠤ ᠴᠠᠭ ᠭᠠᠷᠭᠠᠵᠤ ᠪᠠᠶᠢᠬᠤ ᠶᠠᠪᠤᠳᠠᠯ ᠶᠤᠮ᠃ | |