ᠵᠢᠭᠠᠰᠤ ᠠᠷᠪᠢᠨ ᠢᠳᠡᠪᠡᠯ ᠪᠡᠶ᠎ᠡ ᠳᠤ ᠰᠠᠶᠢᠨ᠂ ᠭᠡᠪᠡᠴᠦ ᠡᠨᠡ ᠭᠤᠷᠪᠠᠨ ᠵᠦᠢᠯ ᠤᠨ ᠵᠢᠭᠠᠰᠤ ᠶᠢ ᠢᠳᠡᠬᠦ ᠦᠭᠡᠢ ᠪᠣᠯ ᠬᠠᠮᠤᠭ ᠰᠠᠶᠢᠨ︕
ᠨᠡᠶᠢᠲᠡᠯᠡᠭᠰᠡᠨ ᠴᠠᠭ᠄
2023/5/22
ᠵᠢᠭᠠᠰᠤ ᠠᠷᠪᠢᠨ ᠢᠳᠡᠪᠡᠯ ᠪᠡᠶ᠎ᠡ ᠳᠤ ᠰᠠᠶᠢᠨ᠂ ᠭᠡᠪᠡᠴᠦ ᠡᠨᠡ ᠭᠤᠷᠪᠠᠨ ᠵᠦᠢᠯ ᠤᠨ ᠵᠢᠭᠠᠰᠤ ᠶᠢ ᠢᠳᠡᠬᠦ ᠦᠭᠡᠢ ᠪᠣᠯ ᠬᠠᠮᠤᠭ ᠰᠠᠶᠢᠨ︕       1. ᠵᠢᠭᠠᠰᠤᠨ ᠤ ᠴᠤᠤᠬ᠎ᠠ          ᠣᠯᠠᠩᠬᠢ ᠦᠶ᠎ᠡ ᠳᠤ᠂ ᠪᠢᠳᠡ ᠵᠢᠭᠠᠰᠤ ᠬᠤᠳᠠᠯᠳᠤᠨ ᠠᠪᠬᠤ ᠳᠤ ᠵᠢᠭᠠᠰᠤ ᠶᠢ ᠠᠷᠢᠯᠭᠠᠴᠢᠬᠰᠠᠨ ᠮᠥᠷᠲᠡᠭᠡᠨ ᠴᠤᠤᠬ᠎ᠠ ᠶᠢ ᠨᠢ ᠠᠪᠴᠤ ᠬᠠᠶᠠᠭᠰᠠᠨ ᠪᠠᠶᠢᠳᠠᠭ᠂ ᠭᠡᠲᠡᠯ᠎ᠡ ᠤᠭᠤᠷᠠᠭ ᠤᠨ ᠠᠭᠤᠯᠤᠭᠳᠠᠴᠠ ᠠᠴᠠ ᠠᠪᠴᠤ ᠬᠡᠯᠡᠪᠡᠯ᠂ ᠵᠢᠭᠠᠰᠤᠨ ᠤ ᠴᠤᠤᠬ᠎ᠠ ᠶᠢᠨ ᠳᠣᠲᠣᠷᠠᠬᠢ ᠤᠭᠤᠷᠠᠭ ᠤᠨ ᠠᠭᠤᠯᠤᠭᠳᠠᠴᠠ ᠨᠢ ᠨᠡᠯᠢᠶᠡᠳ ᠥᠨᠳᠥᠷ᠂ 76% -79 % ᠶᠢᠨ ᠬᠤᠭᠤᠷᠣᠨᠳᠤ ᠪᠠᠶᠢᠳᠠᠭ᠂ ᠭᠡᠪᠡᠴᠦ ᠥᠭᠡᠬᠦᠨ ᠤ ᠠᠭᠤᠯᠤᠭᠳᠠᠴᠠ ᠨᠢ ᠨᠡᠯᠢᠶᠡᠳ ᠳᠣᠣᠷ᠎ᠠ᠂ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠢ ᠴᠦ ᠥᠨᠳᠥᠷ ᠪᠢᠰᠢ ᠪᠠᠶᠢᠳᠠᠭ ᠪᠥᠭᠡᠳ ᠮᠢᠬᠠᠨ ᠤ ᠴᠢᠨᠠᠷ ᠨᠢ ᠨᠡᠯᠢᠶᠡᠳ ᠵᠦᠭᠡᠷ ᠬᠡᠰᠡᠭ ᠪᠣᠯᠣᠨ᠎ᠠ᠃          2. ᠵᠢᠭᠠᠰᠤᠨ ᠤ ᠲᠣᠯᠣᠭᠠᠢ           ᠵᠢᠭᠠᠰᠤᠨ ᠤ ᠲᠣᠯᠣᠭᠠᠢ ᠶᠢᠨ ᠰᠢᠮ᠎ᠡ ᠲᠡᠵᠢᠭᠡᠯ ᠨᠢ ᠨᠡᠯᠢᠶᠡᠳ ᠥᠨᠳᠥᠷ᠂ ᠤᠭᠤᠷᠠᠭ᠂ ᠺᠠᠯᠼ᠂ ᠹᠣᠰᠹᠣᠷ᠂ ᠲᠡᠮᠦᠷ᠂ ᠸᠢᠲ᠋ᠠᠮᠢᠨ B1 ᠵᠡᠷᠭᠡ ᠣᠯᠠᠨ ᠵᠦᠢᠯ ᠤᠨ ᠰᠢᠮ᠎ᠡ ᠲᠡᠵᠢᠭᠡᠯ ᠤᠨ ᠡᠯᠧᠮᠧᠨ᠋ᠲ ᠠᠭᠤᠯᠵᠤ ᠪᠠᠶᠢᠳᠠᠭ᠃        ᠪᠢᠳᠡᠨ ᠤ ᠦᠷᠭᠦᠯᠵᠢ ᠢᠳᠡᠳᠡᠭ ᠶᠡᠷᠮ᠎ᠡ ᠵᠢᠭᠠᠰᠤᠨ ᠤ ᠲᠣᠯᠣᠭᠠᠢ ︵ᠲᠠᠷᠭᠤᠨ ᠲᠣᠯᠣᠭᠠᠶᠢᠲᠤ ᠵᠢᠭᠠᠰᠤ︶ ᠪᠠᠷ ᠵᠢᠱᠢᠶᠡᠯᠡᠬᠦ ᠳᠤ᠂ ᠲᠡᠭᠦᠨ ᠤ ᠲᠣᠯᠣᠭᠠᠢ ᠶᠢᠨ ᠤᠭᠤᠷᠠᠭ ᠤᠨ ᠠᠭᠤᠯᠤᠭᠳᠠᠴᠠ ᠨᠢ 18.32 % ᠲᠤ ᠬᠦᠷᠴᠦ ᠪᠠᠶᠢᠬᠤ ᠪᠥᠭᠡᠳ ᠡᠭᠦᠨ ᠠᠴᠠ ᠭᠠᠳᠠᠨ᠎ᠠ ᠲᠣᠯᠣᠭᠠᠢ ᠳᠤᠨᠢ ᠪᠠᠰᠠ ᠬᠠᠨᠤᠮᠠᠯ ᠪᠤᠰᠤ ᠥᠭᠡᠬᠦᠨ ᠬᠦᠴᠢᠯ᠂ ᠹᠣᠰᠹᠣᠷᠲᠤ ᠥᠭᠡᠬᠦᠨ ᠤ ᠲᠥᠷᠥᠯ ᠤᠨ ᠪᠣᠳᠠᠰ ᠡᠯᠪᠡᠭ ᠠᠭᠤᠯᠵᠤ ᠪᠠᠶᠢᠳᠠᠭ᠂ ᠡᠨᠡ ᠨᠢ ᠨᠢᠯᠬ᠎ᠠ ᠬᠡᠦᠬᠡᠳ ᠤᠨ ᠶᠡᠭᠡ ᠲᠠᠷᠢᠬᠢᠨ ᠤ ᠪᠤᠶᠢᠵᠢᠯᠲᠠ ᠳᠤ ᠠᠰᠢᠭᠲᠠᠢ ᠪᠥᠭᠡᠳ ᠠᠯᠽᠧᠶᠢᠮᠧᠷ ᠡᠪᠡᠳᠴᠢᠨ ᠢ ᠰᠠᠶᠢᠵᠢᠷᠠᠭᠤᠯᠬᠤ ᠳᠤ ᠲᠤᠰᠠᠯᠠᠳᠠᠭ᠃        ᠠᠩᠬᠠᠷᠤᠭᠤᠰᠢᠲᠠᠢ ᠨᠢ᠄ ᠵᠢᠭᠠᠰᠤᠨ ᠤ ᠲᠣᠯᠣᠭᠠᠢ ᠶᠢᠨ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠡᠯᠢᠶᠡᠳ ᠥᠨᠳᠥᠷ ᠪᠣᠯᠬᠤᠷ ᠢᠳᠡᠬᠦ ᠬᠡᠮᠵᠢᠶ᠎ᠡ  ᠪᠠᠨ ᠬᠢᠵᠠᠭᠠᠷᠯᠠᠬᠤ ᠬᠡᠷᠡᠭᠲᠡᠢ᠃           3. ᠵᠢᠭᠠᠰᠤᠨ ᠤ ᠠᠷᠠᠰᠤ           ᠤᠭᠤᠷᠠᠭ ᠤᠨ ᠠᠭᠤᠯᠤᠭᠳᠠᠴᠠ ᠨᠢ ᠨᠡᠯᠢᠶᠡᠳ ᠡᠯᠪᠡᠭ ᠪᠠᠶᠢᠵᠤ᠂ 30% ᠣᠷᠴᠢᠮ ᠬᠦᠷᠴᠦ ᠪᠠᠶᠢᠬᠤ ᠪᠥᠭᠡᠳ ᠪᠠᠰᠠ ᠴᠠᠪᠠᠤᠯᠢᠭ ᠤᠭᠤᠷᠠᠭ ᠡᠯᠪᠡᠭ ᠠᠭᠤᠯᠵᠤ ᠪᠠᠶᠢᠳᠠᠭ᠂ ᠤᠯᠠᠭᠠᠨ ᠲᠤᠯᠪᠠᠭ᠎ᠠ ᠵᠢᠭᠠᠰᠤ ᠪᠠᠷ ᠵᠢᠱᠢᠶᠡᠯᠡᠬᠦ ᠳᠤ᠂ ᠲᠡᠭᠦᠨ ᠤ ᠬᠠᠯᠢᠰᠤᠨ ᠳᠣᠲᠣᠷᠠᠬᠢ ᠴᠠᠪᠠᠤᠯᠢᠭ ᠤᠭᠤᠷᠠᠭ ᠤᠨ ᠠᠭᠤᠯᠤᠭᠳᠠᠴᠠ ᠨᠢ 80% ᠠᠴᠠ ᠳᠡᠭᠡᠭᠰᠢ ᠪᠠᠶᠢᠳᠠᠭ᠃           ᠠᠩᠬᠠᠷᠤᠭᠤᠰᠢᠲᠠᠢ ᠨᠢ᠄ ᠵᠢᠭᠠᠰᠤᠨ ᠤ ᠰᠥᠰᠥ ᠶᠢ ᠶᠠᠭᠠᠬᠢᠭᠰᠠᠨ ᠴᠤ ᠢᠳᠡᠵᠦ ᠪᠤᠯᠬᠤ ᠦᠭᠡᠢ︕ ᠵᠢᠭᠠᠰᠤᠨ ᠤ ᠰᠥᠰᠥᠨ ᠳᠤ ᠶᠡᠭᠡ ᠬᠡᠮᠵᠢᠶᠡᠨ ᠤ ᠰᠥᠰᠥᠨ ᠳᠠᠪᠤᠰᠤ᠂ ᠬᠤᠣᠷᠲᠤ ᠡᠳ᠋ ᠪᠠ ᠨᠡᠬᠡᠳᠡᠰᠦ ᠶᠢᠨ ᠠᠮᠢᠨ ᠠᠭᠤᠯᠤᠭᠳᠠᠵᠤ ᠪᠠᠶᠢᠳᠠᠭ ᠪᠣᠯᠬᠤᠷ ᠠᠳᠡᠭᠦᠷᠡᠨ ᠢᠳᠡᠪᠡᠯ ᠪᠥᠭᠡᠷ᠎ᠡ ᠶᠢ ᠮᠠᠭᠤᠳᠠᠭᠤᠯᠬᠤ ᠪᠤᠶᠤ ᠡᠯᠢᠭᠡᠨ ᠡᠪᠡᠳᠴᠢᠨ ᠡᠭᠦᠰᠬᠡᠵᠦ ᠮᠡᠳᠡᠨ᠎ᠡ᠂ ᠴᠢᠨᠠᠭᠰᠢᠯᠠᠪᠠᠯ ᠠᠮᠢ ᠨᠠᠰᠤᠨ ᠤ ᠠᠶᠤᠯ ᠲᠠᠢ ᠶᠤᠮ᠂ ᠡᠶᠢᠮᠦ ᠠᠴᠠ ᠶᠠᠭᠠᠬᠢᠭᠰᠠᠨ ᠴᠤ ᠢᠳᠡᠵᠦ ᠪᠣᠯᠬᠤ ᠦᠭᠡᠢ︕          ᠭᠠᠷᠠᠭ ᠲᠤ ᠬᠡᠳᠦᠢ ᠵᠢᠭᠠᠰᠤ ᠢᠳᠡᠪᠡᠯ ᠵᠣᠬᠢᠯᠲᠠᠢ ᠪᠤᠢ︖          ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠢ ᠦᠨᠳᠦᠰᠦᠯᠡᠪᠡᠯ᠂ ᠭᠠᠷᠠᠭ ᠲᠤ 2 ᠤᠳᠠᠭ᠎ᠠ ᠵᠢᠭᠠᠰᠤ ᠢᠳᠡᠬᠦ ᠪᠤᠶᠤ 300 ~ 500 ᠭᠷᠡᠮ ᠵᠢᠭᠠᠰᠤ ᠢᠳᠡᠪᠡᠯ ᠬᠠᠮᠤᠭ ᠰᠠᠶᠢᠨ ᠭᠡᠵᠡᠢ᠃            ᠵᠢᠭᠠᠰᠤᠨ ᠤ ᠮᠢᠬ᠎ᠠ ᠢᠳᠡᠬᠦ ᠪᠠᠨ ᠵᠣᠬᠢᠬᠤ ᠬᠡᠮᠵᠢᠶ᠎ᠡ ᠪᠠᠷ ᠨᠡᠮᠡᠭᠳᠡᠭᠦᠯᠪᠡᠯ ᠪᠠᠰᠠ ᠨᠠᠰᠤᠨ ᠳᠤ ᠬᠦᠷᠦᠭᠰᠡᠳ ᠤᠨ ᠲᠠᠷᠢᠬᠢᠨ ᠰᠠ ᠳᠤ ᠳᠠᠭᠠᠷᠢᠬᠳᠠᠬᠤ ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠵᠢᠭᠠᠰᠤᠨ ᠤ ᠮᠢᠬ᠎ᠠ ᠶᠢ ᠢᠯᠡᠭᠦᠬᠡᠨ ᠰᠢᠭ ᠢᠳᠡᠪᠡᠯ ᠢᠳᠡᠷ ᠥᠲᠡᠯᠦᠭᠡ ᠨᠠᠰᠤᠨ ᠤ ᠬᠥᠮᠥᠰ ᠤᠨ ᠠᠯᠽᠧᠶᠢᠮᠧᠷ ᠡᠪᠡᠳᠴᠢᠨ ᠵᠢᠴᠢ ᠲᠠᠨᠢᠨ ᠮᠡᠳᠡᠬᠦᠢ ᠶᠢᠨ ᠴᠢᠳᠠᠮᠵᠢ ᠶᠢᠨ ᠰᠠᠭᠠᠲᠠᠯ ᠤᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠵᠤ ᠴᠢᠳᠠᠨ᠎ᠠ᠃          ᠡᠨᠡ 3 ᠵᠦᠢᠯ ᠤᠨ ᠵᠢᠭᠠᠰᠤ ᠶᠢ ᠢᠳᠡᠬᠦ ᠦᠭᠡᠢ ᠪᠣᠯ ᠰᠠᠶᠢᠨ           1. ᠴᠢᠨᠠᠵᠤ ᠪᠤᠯᠭᠤᠬᠰᠠᠨ ᠦᠭᠡᠢ ᠵᠢᠭᠠᠰᠤ        2. ᠲᠣᠰᠣᠨ ᠳᠤ ᠭᠡᠳᠦ ᠪᠤᠴᠠᠯᠭᠠᠭᠰᠠᠨ ᠵᠢᠭᠠᠰᠤ        3. ᠳᠠᠪᠤᠰᠤᠯᠠᠭᠰᠠᠨ ᠵᠢᠭᠠᠰᠤ
 
ᠢᠷᠡᠯᠲᠡ᠄ ᠬᠦᠯᠦᠨ ᠪᠦᠢᠷ ᠦᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号