ᠮᠢᠩᠭᠠᠨ ᠨᠣᠮ ᠤᠨ ᠦᠯᠢᠭᠡᠷ
ᠨᠡᠶᠢᠲᠡᠯᠡᠭᠰᠡᠨ ᠴᠠᠭ᠄
2023/5/15
               ᠮᠢᠩᠭᠠᠨ ᠨᠣᠮ ᠤᠨ ᠦᠯᠢᠭᠡᠷ                                               ᠬᠦᠮᠦᠨ ᠪᠦᠷᠢ ᠳᠤ ᠥᠪᠡᠷ ᠤᠨ ᠭᠡᠰᠡᠨ ᠪᠣᠰᠣᠳ ᠠᠴᠠ ᠢᠯᠭᠠᠭᠳᠠᠬᠤ ᠲᠣᠷ᠎ᠠ ᠪᠠᠬ᠎ᠠ᠂ ᠰᠣᠨᠢᠷᠬᠠᠯ ᠭᠡᠵᠦ ᠪᠠᠶᠢᠳᠠᠭ ᠪᠣᠯ ᠮᠠᠯᠴᠢᠨ ᠣᠳᠬᠤᠨ ᠮᠠᠯᠵᠢᠬᠤ ᠠᠮᠢᠳᠣᠷᠠᠯ ᠤᠨ ᠢᠶᠠᠨ ᠴᠠᠭ ᠴᠢᠯᠦᠭᠡ ᠪᠠᠷ ᠨᠣᠮ ᠲᠡᠪᠳᠡᠷ ᠣᠩᠰᠢᠵᠣ᠂ ᠪᠢᠷ ᠴᠠᠭᠠᠰᠣ ᠵᠣᠯᠭᠠᠭᠤᠯᠬᠤ ᠲᠣᠷᠠᠳᠠᠢ ᠪᠠᠶᠢᠳᠠᠭ᠃
   
 
  ᠪᠠᠷᠠᠭᠤᠨ ᠦᠵᠦᠮᠦᠴᠢᠨ ᠬᠤᠰᠢᠭᠤᠨ ᠤ ᠣᠯᠠᠭᠠᠨᠬᠠᠭᠠᠯᠭ᠎ᠠ ᠰᠣᠮᠣᠨ ᠤ ᠪᠠᠶ᠋ᠬᠠᠣᠪᠣᠭᠠᠳᠣ ᠭᠠᠴᠠᠭᠠᠨ ᠳᠤ ᠮᠠᠯᠵᠢᠬᠤ ᠠᠮᠢᠳᠣᠷᠠᠯ ᠢᠶᠠᠨ ᠡᠷᠭᠢᠯᠡᠳᠡᠭ ᠮᠠᠯᠴᠢᠨ ᠣᠳᠬᠤᠨ ᠭᠤᠸᠠᠢ ᠶᠢᠨ ᠬᠢ ᠶᠢ ᠵᠣᠷᠢᠵᠣ ᠬᠦᠷᠪᠡᠯ᠂ ᠭᠠᠳᠠᠨᠠᠬᠢ ᠠᠵᠢᠯ ᠢᠶᠠᠨ ᠲᠢᠭ ᠲᠠᠭ ᠲᠣᠬᠢᠷᠠᠭᠤᠯᠣᠭᠰᠠᠨ ᠲᠡᠷᠡ ᠨᠣᠮ ᠪᠢᠴᠢᠭ ᠤᠨ ᠬᠠᠳᠠᠭᠠᠯᠠᠮᠵᠢ ᠳᠤ ᠥᠩᠭᠡ ᠲᠦᠷᠬᠦ ᠪᠠᠷ ᠢᠶᠠᠨ ᠡᠪᠯᠢᠭ ᠰᠠᠶᠢᠬᠠᠨ ᠵᠣᠬᠢᠴᠠᠭᠰᠠᠨ ᠮᠣᠳᠣᠨ ᠬᠤᠷᠭᠤᠨ ᠳᠤ ᠪᠠᠨ ᠨᠣᠮ ᠲᠡᠪᠳᠡᠷ ᠨᠡᠮᠡᠷᠢᠯᠡᠨ ᠬᠠᠪᠣᠷ ᠤᠨ ᠣᠷᠳᠣ ᠡᠳᠦᠷ ᠤᠳ ᠢ ᠣᠩᠰᠢᠬᠤ ᠨᠣᠮ  ᠲᠠᠢ ᠰᠠᠶᠢᠬᠠᠨ ᠥᠩᠭᠡᠷᠡᠭᠡᠨ᠎ᠡ᠃ ᠨᠢᠭᠡ ᠲᠡᠪᠳᠡᠷ ᠨᠣᠮ ᠢ ᠵᠣᠷᠢᠯᠭ᠎ᠠ ᠲᠠᠢ ᠡᠷᠢᠵᠦ᠂ ᠬᠡᠷᠡᠭᠳᠡᠢ ᠵᠦᠢᠯ ᠢᠶᠠᠨ ᠲᠡᠷᠡ ᠳᠣᠳᠣᠷ᠎ᠠ  ᠠᠴᠠ ᠬᠠᠶᠢᠵᠣ ᠣᠯᠬᠤ ᠭᠡᠵᠦ ᠴᠢᠷᠮᠠᠶᠢᠳᠠᠭ ᠨᠢ ᠲᠡᠭᠦᠨ ᠤ ᠨᠣᠮ ᠣᠩᠰᠢᠳᠠᠭ ᠶᠡᠷᠦᠳᠡ ᠶᠢᠨ ᠲᠠᠳᠬᠠᠯ ᠪᠠᠶᠢᠯ᠎ᠠ᠃
      ᠨᠡᠶᠡ ᠶᠡᠷᠡᠭᠡᠳ ᠣᠨ ᠳᠤ ᠰᠣᠨᠢᠨ ᠰᠡᠳᠬᠦᠯ   ᠠᠴᠠ ᠣᠨᠳᠣᠣ ᠨᠣᠮ ᠰᠡᠳᠬᠦᠯ ᠡᠯᠪᠡᠭ ᠣᠯᠳᠠᠳᠠᠭ ᠦᠭᠡᠢ ᠪᠠᠶᠢᠭᠰᠠᠨ ᠴᠠᠭ ᠦᠶ᠎ᠡ ᠳᠤ ᠢᠷᠠᠭᠤ ᠨᠠᠶᠢᠷᠠᠭ ᠲᠤ ᠬᠦᠳᠦᠯᠦᠭᠳᠡᠨ ᠨᠣᠮ ᠤᠨ ᠪᠠᠭ᠋ᠠᠨ ᠳᠤ ᠠᠩᠬᠠᠯᠠᠨ ᠣᠷᠣᠵᠣ ᠪᠠᠶᠢᠭᠰᠠᠨ ᠣᠳᠬᠤᠨ ᠭᠤᠸᠠᠢ ᠣᠯᠠᠨ ᠰᠠᠶᠢᠬᠠᠨ ᠰᠡᠳᠬᠦᠯ ᠴᠣᠭᠯᠠᠭᠤᠯᠣᠨ ᠲᠣᠷᠠᠰᠣᠮᠵᠢ ᠪᠣᠯᠭᠠᠨ ᠬᠠᠳᠠᠭᠠᠯᠠᠵᠣ ᠪᠠᠶᠢᠭ᠎ᠠ ᠨᠢ ᠲᠡᠭᠡᠷ᠎ᠡ ᠵᠠᠭᠤᠨ ᠤ ᠰᠡᠬᠦᠯ ᠤᠨ ᠵᠢᠯ ᠤᠳ ᠲᠤ ᠣᠯᠠᠨ ᠬᠦᠮᠦᠰ ᠤᠨ ᠠᠮᠢᠳᠣᠷᠠᠯ ᠦᠢᠯᠡᠰ ᠢ ᠨᠥᠯᠦᠭᠡᠯᠡᠵᠦ ᠬᠡᠬᠡᠷᠡᠭᠦᠯᠵᠦ᠂ ᠨᠣᠮ ᠣᠩᠰᠢᠬᠤ ᠶᠢᠨ ᠢᠳᠡ ᠪᠠᠬ᠎ᠠ ᠳᠤ ᠬᠦᠳᠦᠯᠵᠦ ᠪᠠᠶᠢᠭᠰᠠᠨ ᠰᠠᠶᠢᠬᠠᠨ ᠲᠣᠷᠠᠰᠣᠮᠵᠢ ᠤᠳ ᠢ  ᠰᠡᠬᠦᠵᠦ ᠪᠠᠶᠢᠯ᠎ᠠ᠃ ᠲᠡᠷᠡᠪᠡᠷ ᠬᠡᠷᠡᠭᠳᠡᠢ ᠨᠣᠮ  ᠤᠳ ᠢᠶᠠᠨ ᠪᠠᠭ᠎ᠠ ᠪᠠᠭ᠎ᠠ ᠪᠠᠷ ᠬᠤᠷᠠᠮᠳᠣᠭᠤᠯᠣᠨ᠂ ᠠᠪᠣᠭᠰᠠᠨ ᠨᠣᠮ ᠪᠣᠯᠭᠠᠨ ᠢᠶᠠᠨ ᠨᠠᠨᠳᠢᠩᠨᠠᠨ ᠣᠩᠰᠢᠵᠣ ᠳ᠋ᠣᠭᠠᠷᠯᠠᠨ ᠲᠡᠮᠳᠡᠭᠯᠡᠵᠦ᠂ ᠨᠣᠮ ᠳᠤ  ᠬᠠᠶᠢᠷᠠᠳᠠᠢ ᠬᠦᠮᠦᠨ ᠤ ᠶᠣᠰᠣᠭᠠᠷ ᠡᠷᠬᠢᠮ ᠦᠨᠡᠳᠡᠢ ᠵᠦᠢᠯ ᠢᠶᠠᠨ ᠪᠣᠯᠭᠠᠨ ᠬᠠᠳᠠᠭᠠᠯᠠᠵᠣ ᠶᠠᠪᠣᠨ᠎ᠠ
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号