ᠰᠠᠶᠢᠬᠠᠨᠨᠠᠭᠤᠷ  ᠭᠠᠴᠠᠭ᠎ᠠ ᠨᠢ  ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾  ᠤᠨ ᠠᠵᠢᠯ ᠢ ᠡᠷᠴᠢᠮᠲᠡᠢ ᠶᠠᠪᠤᠭᠳᠠᠭᠤᠯᠵᠤ  ᠪᠣᠢ
ᠨᠡᠶᠢᠲᠡᠯᠡᠭᠰᠡᠨ ᠴᠠᠭ᠄
2023/4/3
  ᠰᠠᠶᠢᠬᠠᠨᠨᠠᠭᠤᠷ  ᠭᠠᠴᠠᠭ᠎ᠠ ᠨᠢ  ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾  ᠤᠨ ᠠᠵᠢᠯ ᠢ ᠡᠷᠴᠢᠮᠲᠡᠢ ᠶᠠᠪᠤᠭᠳᠠᠭᠤᠯᠵᠤ  ᠪᠣᠢ                           ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭ᠎ᠠ ᠨᠢ ᠥᠪᠡᠷᠲᠡᠭᠡᠨ ᠵᠠᠰᠠᠬᠤ ᠣᠷᠣᠨ ᠤ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠺᠣᠮᠢᠰ ᠤᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠶᠢᠴᠢ ᠦᠶ᠎ᠡ‌‍ᠶᠢᠨ ᠬᠢᠨ ᠢ ᠬᠠᠯᠠᠮᠵᠢᠯᠠᠬᠤ ᠠᠵᠢᠯ ᠤᠨ ᠤᠷᠲᠤ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠬᠦ ᠲᠤᠬᠠᠢ ᠰᠠᠨᠠᠯ︾  ᠶᠢ ᠭᠦᠨᠵᠡᠭᠡᠢ ᠨᠠᠶᠢᠳᠠᠪᠤᠷᠢᠵᠢᠭᠤᠯᠵᠤ᠂ ᠲᠣᠰ ᠭᠠᠵᠠᠷ ᠣᠷᠣᠨ ᠤ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠨ᠂  ᠭᠠᠵᠠᠷ ᠣᠷᠣᠨ ᠤ ᠠᠵᠤ ᠦᠢᠯᠡᠰ ᠤᠨ ᠣᠨᠴᠠᠯᠢᠭ ᠲᠤ ᠲᠣᠬᠢᠷᠠᠭᠰᠠᠨ᠂  ᠦᠷᠭᠦᠯᠵᠢᠯᠡᠬᠦᠶᠢᠴᠡ  ᠬᠥᠭᠵᠢᠬᠦ  ᠰᠤᠷᠤᠯᠭ᠎ᠠ ᠲᠡᠳᠬᠦᠬᠦ᠂ ᠬᠦᠴᠢᠷᠳᠡᠯᠲᠡᠢ ᠬᠡᠤᠬᠡᠳ ᠪᠠᠭᠠᠴᠣᠳ ᠢ ᠳᠡᠳᠭᠦᠨ ᠳᠡᠮᠵᠢᠬᠦ ᠠᠷᠭ᠎ᠠ ᠵᠠᠮ ᠢ ᠢᠳᠡᠪᠬᠢᠲᠡᠢ ᠰᠦᠪᠡᠭᠴᠢᠯᠡᠵᠦ᠂ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ  ᠦᠢᠯᠡᠰ ᠤᠨ ᠬᠥᠭᠵᠢᠯᠲᠡ ᠶᠢ ᠠᠬᠢᠭᠤᠯᠵᠤ᠂ ᠴᠢᠳᠠᠪᠤᠷᠢᠲᠠᠨ ᠢᠶᠠᠷ ᠬᠥᠳᠡᠭᠡ ᠲᠤᠰᠬᠤᠨ ᠢ ᠬᠦᠭᠵᠢᠭᠦᠯᠦᠨ ᠮᠠᠨᠳᠣᠭᠤᠯᠬᠤ ᠳᠤ ᠬᠦᠴᠦᠨ ᠨᠡᠮᠡᠷᠢᠯᠡᠵᠦ ᠪᠤᠢ᠃    ᠪᠠᠶᠠᠨᠬᠤᠰᠢᠭᠤ ᠰᠤᠮᠤᠨ ᠤ ᠰᠠᠶᠢᠬᠠᠨᠨᠠᠭᠤᠷ  ᠭᠠᠴᠠᠭ᠎ᠠ ᠨᠢ  ᠵᠠᠯᠠᠭᠤᠴᠤᠳ ᠪᠠᠭᠠᠴᠤᠳ ᠲᠤ ᠦᠢᠯᠡᠴᠢᠯᠡᠬᠦ ᠪᠠᠷ ᠬᠠᠷᠠᠯᠲᠠ ᠪᠣᠯᠭᠠᠵᠤ ︽ᠬᠡᠨ  ᠬᠤᠨᠢ  ᠬᠠᠨᠳᠢᠪᠯᠠᠪᠠᠯ ᠬᠡᠨ ᠲᠡᠵᠢᠭᠡᠨ  ᠡᠵᠡᠩᠨᠡᠵᠦ᠂  ᠬᠡᠨ ᠪᠡᠯᠡ  ᠮᠥᠩᠭᠦ ᠶᠢ ᠬᠠᠮᠢᠶᠠᠷᠬᠤ︾ ᠵᠠᠭᠪᠤᠷ  ᠤᠨ ᠰᠤᠷᠤᠯᠭ᠎ᠠ ᠲᠡᠳᠬᠦᠬᠦ᠂ ᠬᠦᠴᠢᠷᠳᠡᠯᠲᠡᠢ ᠬᠡᠤᠬᠡᠳ ᠪᠠᠭᠠᠴᠣᠳ ᠢ ᠲᠡᠳᠬᠦᠬᠦ ᠠᠷᠭ᠎ᠠ ᠵᠠᠮ ᠢ  ᠰᠥᠪᠡᠭᠴᠢᠯᠡᠵᠦ᠂  2014 ᠣᠨ ᠠᠴᠠ  ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾ ᠢ ᠡᠬᠢᠯᠡᠨ ᠬᠡᠷᠡᠭᠵᠢᠭᠦᠯᠵᠦ᠂  ᠨᠠᠮ ᠤᠨ  ᠭᠡᠰᠢᠭᠦᠳ ᠪᠠ ᠮᠠᠯᠴᠢᠳ ᠤᠨ ᠬᠠᠨᠳᠢᠪᠯᠡᠭ᠌ᠰᠠᠨ ᠬᠤᠨᠢ ᠶᠢ  ᠳᠠᠩᠰᠠᠯᠠᠨ ᠳᠡᠮᠳᠡᠭᠯᠡᠵᠦ᠂  ᠲᠣᠰ ᠬᠥᠮᠥᠨ ᠳᠤᠨᠢ ᠥᠭᠴᠦ ᠡᠵᠡᠩᠨᠡᠭᠦᠯᠵᠦ᠂ ᠵᠢᠯ  ᠤᠨ ᠰᠡᠭᠦᠯᠴᠢ ᠳᠤ ︽ᠨᠢᠭᠡ ᠬᠤᠨᠢᠨ ᠤ ᠰᠤᠷᠤᠯᠭ᠎ᠠ‌‍ᠲ᠋ᠡᠳᠬᠦᠬᠦ ᠢᠨᠵᠧᠨᠧᠷᠢᠩ︾ ᠤᠨ ᠡᠵᠡᠩᠨᠡᠯᠲᠡ ᠶᠢᠨ ᠴᠢᠨᠠᠷᠲᠠᠢ ᠣᠷᠣᠯᠭ᠎ᠠ ᠶᠢ ᠰᠤᠷᠭᠠᠨ ᠬᠥᠮᠦᠵᠢᠯ  ᠢ ᠬᠠᠯᠠᠮᠵᠢᠯᠠᠨ ᠬᠠᠶᠢᠷᠠᠯᠠᠬᠤ  ᠰᠤᠷᠤᠯᠭ᠎ᠠ  ᠲᠡᠳᠬᠦᠬᠦ ᠰᠠᠭᠤᠷᠢ   ᠮᠦᠩᠭᠦᠨ ᠤ ᠲᠠᠩᠰᠠᠨ  ᠳᠤ ᠬᠤᠪᠢᠶᠠᠷᠢᠯᠠᠨ ᠣᠷᠣᠭᠤᠯᠵᠤ᠂ ᠣᠨᠴᠠ ᠬᠦᠴᠢᠷᠳᠡᠯᠲᠡᠢ᠂ ᠬᠦᠨᠳᠦ ᠡᠪᠡᠳᠴᠢᠨ ᠲᠠᠢ  ᠬᠡᠣᠬᠡᠳ ᠪᠠᠭᠠᠴᠣᠳ ᠪᠠ ᠶᠡᠭᠡ ᠰᠣᠷᠭᠠᠭᠤᠯᠢ ᠶᠢᠨ ᠤᠶᠤᠲᠠᠳ ᠢ ᠲᠡᠳᠭᠦᠨ ᠳᠡᠮᠵᠢᠵᠦ  ᠂  ᠰᠣᠷᠣᠯᠭ᠎ᠠ ᠳᠡᠳᠭᠦᠭᠦ ᠰᠠᠭᠤᠷᠢ ᠮᠦᠩᠭᠦᠨ ᠤ ᠦᠷᠭᠦᠯᠵᠢᠯᠡᠯᠲᠦ ᠴᠢᠨᠠᠷ ᠢ ᠪᠠᠲᠤᠯᠠᠵᠤ᠂  ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠬᠥᠭᠵᠢᠯᠲᠡ ᠳᠤ ᠬᠦᠴᠦᠲᠡᠢ ᠪᠠᠲᠤᠯᠠᠭ᠎ᠠ ᠬᠠᠩᠭᠠᠭᠰᠠᠨ ᠪᠠᠶᠢᠨ᠎ᠠ᠃     ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾ ᠨᠢ ᠵᠠᠯᠠᠭᠤᠴᠤᠳ ᠪᠠᠭᠠᠴᠣᠳ ᠤᠨ ᠰᠣᠷᠣᠯᠭ᠎ᠠ ᠠᠮᠢᠳᠣᠷᠠᠯ ᠤᠨ ᠳᠣᠮᠳᠠᠬᠢ ᠬᠦᠴᠢᠷᠳᠡᠯ ᠢ ᠠᠰᠠᠭᠤᠨ ᠰᠢᠢᠳᠪᠦᠷᠢᠯᠡᠵᠦ᠂ ᠵᠠᠯᠠᠭᠤᠴᠣᠳ ᠪᠠᠭᠠᠴᠣᠳ ᠤᠨ ᠡᠷᠡᠭᠦᠯ ᠢᠶᠠᠷ ᠥᠰᠦᠨ ᠪᠤᠶᠢᠵᠢᠬᠤ ᠶᠢ ᠠᠬᠢᠭᠤᠯᠵᠤ  ᠂  ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ᠂ ᠣᠯᠠᠨ ᠲᠦᠮᠡᠨ ᠳᠤ ᠦᠢᠯᠡᠴᠢᠯᠡᠬᠦ ᠵᠣᠷᠢᠭ ᠰᠠᠨᠠᠭ᠎ᠠ ᠶᠢ  ᠦᠢᠯᠡᠳᠦᠯᠭᠡᠵᠢᠭᠦᠯᠪᠡ  ᠃  2021 ᠣᠨ ᠳᠤ ᠰᠠᠶᠢᠬᠠᠨᠨᠠᠭᠤᠷ ᠭᠠᠴᠠᠭᠠᠨ ᠤ  ᠮᠠᠯᠴᠢᠨ ᠪᠠᠭᠠᠨ᠎ᠠ ᠶᠢᠨ ᠬᠦᠦ ᠬᠦᠨᠳᠦ ᠡᠪᠡᠳᠴᠢᠯᠡᠬᠦ ᠳᠤ  ᠭᠠᠴᠠᠭᠠᠨ ᠤ  ᠬᠤᠶᠢᠴᠢ ᠦᠶ᠎ᠡ‌‍ᠶᠢᠨ ᠬᠢᠨ ᠢ ᠬᠠᠯᠠᠮᠵᠢᠯᠠᠬᠤ ᠠᠵᠢᠯ ᠤᠨ  ᠵᠥᠪᠯᠡᠯ   ᠨᠢ ᠪᠢᠴᠢᠬᠠᠨ ᠬᠦᠦ ᠶᠢᠨ ᠡᠪᠡᠳᠴᠢᠨ ᠤ ᠪᠠᠶᠢᠳᠠᠯ ᠢ  ᠣᠶᠢᠯᠠᠭᠠᠵᠤ᠂ 2000 ᠲᠥᠭᠦᠷᠢᠭ ᠤᠨ ᠳᠡᠳᠭᠦᠮᠵᠢ ᠶᠢᠨ ᠮᠦᠩᠭᠦ ᠣᠯᠭᠤᠵᠤ᠂  ᠨᠠᠮ ᠵᠠᠰᠠᠭ ᠤᠨ ᠬᠠᠶᠢᠷ᠎ᠠ ᠬᠠᠯᠠᠮᠵᠢ ᠶᠢ ᠬᠥᠷᠭᠡᠭᠰᠡᠨ ᠪᠠᠶᠢᠨ᠎ᠠ᠃   ᠰᠠᠶᠢᠬᠠᠨᠨᠠᠭᠤᠷ ᠭᠠᠴᠠᠭᠠᠨ ᠤ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾  ᠤᠨ ᠠᠵᠢᠯ  ᠨᠢ 2014 ᠣᠨ ᠠᠴᠠ ᠨᠠᠰᠢ  ᠡᠷᠴᠢᠮᠲᠡᠢ ᠶᠠᠪᠤᠭᠳᠠᠵᠤ᠂ ᠣᠳᠣᠬᠠᠨ ᠪᠣᠯᠲᠠᠯ᠎ᠠ 15 ᠲᠤᠯᠤᠭᠠᠢ ᠬᠤᠨᠢ᠂ ᠬᠤᠶᠠᠷ ᠲᠥᠮᠡ ᠭᠠᠷᠣᠢ  ᠰᠠᠭᠤᠷᠢ ᠮᠦᠩᠭᠦ ᠬᠤᠷᠠᠮᠳᠠᠵᠤ᠂  ᠤᠷᠢᠳ ᠬᠤᠵᠢᠳ 22  ᠨᠡᠷ᠎ᠡ ᠶᠡᠭᠡ ᠰᠣᠷᠭᠠᠭᠤᠯᠢ ᠶᠢᠨ ᠣᠶᠤᠲᠠᠨ  ᠪᠠ 2 ᠨᠡᠷ᠎ᠡ ᠬᠦᠨᠳᠦ ᠡᠪᠡᠳᠴᠢᠨ ᠲᠠᠢ ᠬᠡᠬᠡᠳ ᠢ ᠲᠡᠳᠭᠦᠨ ᠳᠡᠮᠵᠢᠵᠦ᠂ 2022 ᠣᠨ ᠳᠤ ᠲᠣᠰ ᠢᠨᠵᠧᠨᠧᠷᠢᠩ ᠨᠢ ᠪᠠᠷᠠᠭᠤᠨ ᠦᠵᠦᠮᠦᠴᠢᠨ ᠬᠤᠨᠰᠢᠭᠤᠨ ᠤ ᠬᠤᠶᠠᠳᠣᠭᠠᠷ ᠣᠳᠠᠭᠠᠨ ᠤ ︽ᠰᠢᠨ᠎ᠡ ᠴᠠᠭ ᠦᠶ᠎ᠡ ᠶᠢᠨ ᠪᠤᠯᠪᠠᠰᠣᠨ ᠤ ᠦᠢᠯᠡᠳᠦᠯᠭᠡ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠲᠥᠷᠦᠯ ᠵᠦᠢᠯ ᠤᠨ ᠣᠷᠣᠯᠳᠣᠭᠠᠨ︾  ᠤ ᠲᠡᠷᠢᠭᠦᠨ ᠱᠠᠩᠨᠠᠯ ᠢ ᠲᠤᠰᠤᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号