ᠲᠠᠨ ᠳᠤ ᠬᠡᠷᠡᠭᠲᠡᠢ ᠲᠠᠪᠤᠨ ᠳᠠᠳᠬᠠᠯ | | 1. ᠬᠡᠷᠡᠭᠲᠡᠢ ᠶᠠᠭᠤᠮᠠᠨ ᠳᠤ ᠰᠢᠮᠳᠠ᠃ ᠶᠠᠭᠤᠮᠠᠨ ᠳᠤ ᠶᠠᠭᠠᠷᠠᠵᠤ ᠭᠠᠷ ᠲᠦᠷᠦᠬᠦ ᠠᠴᠠ ᠪᠠᠨ ᠢᠯᠡᠭᠦᠦ ᠤᠷᠢᠳᠠᠪᠠᠷ | ᠪᠦᠷᠢᠨ ᠪᠡᠯᠡᠳᠬᠡᠯ ᠬᠢᠵᠦ᠂ ᠨᠠᠷᠢᠨ ᠲᠥᠯᠥᠪᠯᠡᠬᠦ ᠬᠡᠷᠡᠭᠲᠡᠢ᠃ ᠬᠠᠷᠠᠯᠲᠠ ᠲᠣᠳᠣᠷᠬᠠᠢ ᠬᠥᠮᠥᠨ ᠬᠠᠨᠳᠤᠭᠰᠠᠨ | ᠵᠦᠭ ᠲᠡᠭᠡᠨ ᠠᠮᠵᠢᠯᠲᠠ ᠲᠠᠢ ᠶᠠᠪᠤᠵᠤ᠂ ᠴᠢᠭᠯᠡᠯ ᠢᠶᠠᠨ ᠠᠯᠳᠠᠬᠤ ᠦᠭᠡᠢ ᠪᠠᠶᠢᠳᠠᠭ᠃ | 2. ᠰᠣᠨᠢᠭᠤᠴᠢ ᠵᠠᠩ ᠢᠶᠠᠨ ᠨᠠᠨᠳᠢᠩᠨᠠ᠃ ᠠᠮᠢᠳᠤᠷᠠᠯ ᠳᠤ ᠲᠠᠨ ᠢ ᠤᠷᠤᠭᠰᠢ ᠪᠠᠨ ᠬᠥᠲᠥᠯᠳᠡᠭ ᠨᠢ ᠰᠣᠨᠢᠭᠤᠴᠢ | ᠵᠠᠩ ᠶᠤᠮ᠃ ᠰᠢᠨ᠎ᠡ ᠵᠦᠢᠯ ᠢ ᠢᠯᠡᠭᠦᠬᠡᠨ ᠣᠶᠢᠯᠠᠭᠠᠵᠤ᠂ ᠬᠦᠯᠢᠶᠡᠵᠦ ᠠᠪᠴᠤ ᠪᠠᠢ᠃ ᠮᠠᠭᠠᠳ ᠦᠭᠡᠢ ᠶᠠᠮᠠᠷ ᠨᠢᠭᠡᠨ | ᠴᠠᠭ ᠲᠤ ᠰᠢᠨ᠎ᠡ ᠠᠮᠢᠳᠤᠷᠠᠯ ᠳᠤ ᠬᠦᠷᠬᠡᠬᠦ ᠡᠭᠦᠳᠡ ᠬᠠᠭᠠᠯᠭ᠎ᠠ ᠴᠢᠨᠢ ᠪᠠᠶᠢᠵᠤ ᠮᠡᠳᠡᠨ᠎ᠡ᠃ | 3. ᠰᠡᠳᠬᠢᠬᠦᠢ ᠶᠢᠨ ᠬᠡᠪᠰᠢᠯ ᠠᠴᠠ ᠪᠠᠨ ᠭᠠᠷ᠃ ᠬᠡᠳᠦᠢ ᠰᠢᠯᠢᠳᠡᠭ ᠬᠥᠮᠥᠨ ᠲᠡᠳᠦᠢ ᠲᠦᠭᠰᠢᠭᠦᠷᠢ ᠶᠢᠨ | ᠤᠬᠠᠮᠰᠠᠷ ᠲᠠᠢ ᠪᠠᠶᠢᠵᠤ᠂ ᠤᠤᠯ ᠤᠨ ᠰᠡᠳᠬᠢᠬᠦᠢ ᠠᠴᠠ ᠪᠠᠨ ᠳᠠᠪᠠᠵᠤ ᠰᠢᠨ᠎ᠡ ᠥᠷᠢᠰᠦᠯᠳᠦᠭᠡᠨ ᠢ ᠬᠦᠯᠢᠶᠡᠬᠦ | ᠴᠢᠳᠠᠪᠤᠷᠢ ᠲᠠᠢ ᠪᠤᠯᠳᠠᠭ᠃ | 4. ᠠᠭᠤᠷ ᠪᠤᠬᠢᠨᠢᠳᠤᠯ ᠢᠶᠠᠨ ᠳᠠᠷᠤ᠃ ᠠᠮᠢᠳᠤᠷᠠᠯ ᠳᠤ ᠬᠠᠶᠠ ᠰᠠᠨᠠᠭ᠎ᠠ ᠰᠡᠳᠬᠢᠯ ᠪᠤᠬᠢᠨᠢᠳᠤᠭᠤᠯᠬᠤ ᠶᠠᠪᠤᠳᠠᠯ | ᠭᠠᠷᠬᠤ ᠶᠢ ᠬᠡᠨ ᠪᠠᠶᠢᠭ ᠭᠡᠬᠦᠪ᠂ ᠬᠠᠷᠢᠨ ᠡᠭᠦᠨ ᠢ ᠯᠠ ᠴᠢᠳᠠᠮᠠᠭᠠᠢ ᠪᠠᠷ ᠳᠠᠷᠤᠵᠤ ᠰᠤᠷᠬᠤ ᠨᠢ ᠴᠢᠬᠤᠯᠠ᠃ | 5. ᠰᠢᠯᠢᠳᠡᠭ ᠬᠥᠮᠥᠰ ᠲᠠᠢ ᠢᠯᠡᠭᠦᠬᠡᠨ ᠬᠠᠷᠢᠯᠴᠠ᠃ ᠣ ᠲᠠᠢ ᠣᠶᠢᠷᠠᠲᠤᠪᠠᠯ ᠴᠠᠶᠢᠷᠠᠵᠤ᠂ ᠬᠦ᠋ ᠲᠠᠢ ᠣᠶᠢᠷᠠᠲᠤᠪᠠᠯ | ᠬᠠᠷᠠᠯᠠᠨ᠎ᠠ ᠭᠡᠳᠡᠭ᠂ ᠲᠠᠨ ᠢ ᠶᠠᠮᠠᠷ ᠬᠥᠮᠥᠨ ᠪᠤᠯᠬᠤ ᠨᠢ ᠶᠠᠮᠠᠷ ᠶᠠᠩᠵᠤ ᠶᠢᠨ ᠬᠥᠮᠥᠨ ᠲᠠᠢ ᠬᠠᠮᠲᠤ ᠪᠠᠶᠢᠬᠤ ᠲᠠᠢ ᠳᠣᠩ | ᠶᠡᠭᠡ ᠬᠤᠯᠪᠤᠭ᠎ᠠ ᠲᠠᠢ ᠪᠠᠶᠢᠳᠠᠭ᠃ ᠦᠷᠬᠦᠯᠵᠢ ᠥᠭᠡᠳᠡᠷᠬᠡᠭ ᠬᠥᠮᠥᠰ ᠲᠠᠢ ᠬᠠᠮᠲᠤ ᠪᠠᠶᠢᠭᠠᠳ ᠪᠠᠶᠢᠪᠠᠯ᠂ ᠠᠮᠢᠳᠤᠷᠠᠯ | ᠲᠠᠨ ᠳᠤ ᠢᠨᠢᠶᠡᠮᠰᠦᠭᠯᠡᠯ ᠪᠡᠯᠡᠭᠯᠡᠵᠦ ᠪᠠᠶᠢᠳᠠᠭ ᠶᠤᠮ᠃ |