ᠮᠢᠩᠭᠠᠨ ᠨᠤᠮ ᠣᠩᠰᠢᠭᠰᠠᠨ ᠮᠠᠯᠴᠢᠨ
ᠨᠡᠶᠢᠲᠡᠯᠡᠭᠰᠡᠨ ᠴᠠᠭ᠄
2023/3/20
                          ᠮᠢᠩᠭᠠᠨ ᠨᠤᠮ ᠣᠩᠰᠢᠭᠰᠠᠨ ᠮᠠᠯᠴᠢᠨ    ︽ᠮᠣᠩᠬᠠᠭ ᠤᠨ ᠴᠦᠯ ᠢ ᠮᠤᠷᠢ ᠪᠠᠷ ᠪᠢᠰᠢ ᠨᠣᠮ ᠢᠶᠠᠷ ᠲᠣᠭᠤᠯᠳᠠᠭ︾ ᠭᠡᠳᠡᠭ  ᠰᠠᠶᠢᠬᠠᠨ  ᠮᠡᠷᠭᠡᠳ ᠤᠨ ᠦᠭᠡ ᠪᠠᠶᠢᠳᠠᠭ᠃
    ᠪᠠᠷᠠᠭᠤᠨ ᠦᠵᠦᠮᠦᠴᠢᠨ ᠬᠤᠰᠢᠭᠤᠨ ᠤ ᠣᠯᠠᠭᠠᠨ ᠬᠠᠭᠠᠯᠠᠭ᠎ᠠ ᠰᠣᠮᠣᠨ ᠤ ᠪᠠᠶᠠᠨ ᠣᠪᠣᠭᠠᠳᠣ ᠭᠠᠴᠠᠭ᠎ᠠ ᠪᠠᠷ ᠨᠣᠳᠤᠭ  ᠲᠠᠢ ᠣᠳᠬᠤᠨ ᠪᠣᠯ ᠨᠣᠮ ᠪᠢᠴᠢᠭ ᠣᠯᠠᠨ ᠣᠩᠰᠢᠵᠦ᠂ ᠨᠣᠮ ᠪᠢᠴᠢᠭ ᠠᠴᠠ ᠣᠯᠣᠭᠰᠠᠨ ᠮᠡᠳᠡᠯᠭᠡ ᠮᠡᠳᠡᠴᠡ ᠪᠠᠷ  ᠠᠵᠣ ᠠᠮᠢᠳᠣᠷᠠᠯ ᠢᠶᠠᠨ ᠦᠭᠡᠳᠡᠯᠡᠬᠦᠯᠵᠦ ᠶᠠᠪᠣᠭ᠎ᠠ ᠮᠠᠯᠴᠢᠨ ᠬᠦᠮᠦᠨ ᠤ ᠨᠢᠭᠡ ᠪᠢᠯᠡ᠃ ᠲᠡᠷᠡ  ᠮᠡᠳᠡᠶ᠎ᠡ ᠰᠣᠷᠣᠶ᠎ᠠ ᠭᠡᠰᠡᠨ ᠬᠦᠰᠡᠯ ᠲᠡᠮᠡᠦᠯᠡᠯ ᠳᠤ ᠪᠠᠨ ᠬᠦᠳᠦᠯᠦᠭᠳᠡᠨ1986 ᠣᠨ ᠳᠤ ᠰᠣᠮᠣᠨ ᠤ ᠰᠣᠷᠭᠠᠭᠤᠯᠢ ᠠᠴᠠ ᠠᠩᠬ᠎ᠠ ᠲᠣᠮᠳᠠ ᠶᠢᠨ ᠰᠣᠷᠣᠯᠭ᠎ᠠ  ᠪᠠᠨ ᠲᠡᠭᠦᠰᠬᠡᠨ ᠮᠠᠯᠴᠢᠨ ᠪᠤᠯᠵᠤ᠂ ᠣᠨᠣᠭᠰᠠᠨ ᠬᠦᠯᠦᠭ ᠢᠶᠠᠷ ᠢᠶᠠᠨ ᠪᠠᠭ᠋ᠠᠷᠬᠠᠨ  ᠣᠯᠠᠨ ᠰᠦᠷᠦᠭ ᠤᠨ ᠢᠶᠠᠨ ᠵᠠᠬ᠎ᠠ ᠳᠤ ᠲᠦᠷᠪᠡᠨ ᠴᠠᠭ ᠲᠠᠢ ᠣᠷᠣᠯᠳᠣᠵᠣ ᠶᠠᠪᠤᠬᠤ ᠳᠠᠭᠠᠨ ᠰᠣᠷᠣᠭᠰᠠᠨ ᠢᠶᠠᠨ ᠬᠠᠶᠠᠭ᠎ᠠ ᠦᠭᠡᠢ  ᠂ ᠨᠤᠮ ᠲᠡᠪᠳᠡᠷ ᠡᠪᠦᠷᠯᠡᠨ ᠤᠩᠰᠢᠳᠠᠭ  ᠪᠠᠶᠢᠵᠣ᠂ ᠨᠤᠮ ᠢᠶᠠᠨ ᠤᠩᠰᠢᠪᠠᠯ  ᠴᠠᠢ   ᠪᠠᠨ ᠣᠣᠭᠤᠬᠤ ᠪᠠᠨ  ᠴᠦ  ᠣᠮᠠᠷᠳᠠᠨ᠂ ᠨᠤᠮ ᠠᠪᠬᠤ ᠳᠤ ᠭᠠᠷ ᠳᠠᠲᠠᠲᠠᠭ ᠦᠭᠡᠢ  ᠪᠠᠶᠢᠵᠣ᠂  ᠨᠠᠶᠠᠭᠠᠳ ᠣᠨ ᠠᠴᠠ ᠡᠬᠢᠯᠡᠵᠦ ᠲᠡᠷᠡ ᠥᠪᠡᠷ ᠤᠨ ᠳᠣᠷ᠎ᠠ ᠲᠠᠢ ᠣᠩᠰᠢᠬᠤ ᠨᠤᠮ ᠰᠡᠳᠬᠦᠯ  ᠢᠶᠠᠨ ᠵᠠᠬᠢᠶᠠᠯᠠᠨ ᠴᠣᠭᠯᠠᠭᠤᠯᠵᠤ ᠡᠬᠢᠯᠡᠵᠠᠢ᠃
      ︽ᠡᠳ᠋ ᠤᠨ ᠪᠠᠶᠠᠨ ᠠᠴᠠ ᠡᠷᠳᠡᠮ ᠤᠨ ᠪᠠᠶᠠᠨ︾ ᠭᠡᠰᠡᠨ ᠵᠦᠢᠷᠯᠡᠯ ᠢ ᠪᠠᠳᠣ ᠴᠡᠭᠡᠵᠢᠯᠡᠵᠦ ᠶᠠᠪᠤᠳᠠᠭ ᠰᠣᠶᠣᠯᠳᠣ ᠮᠠᠯᠴᠢᠨ ᠣᠳᠬᠤᠨ ᠪᠡᠶ᠎ᠡ ᠪᠠᠷ ᠢᠶᠠᠨ  ᠲᠦᠷᠦᠭᠦᠯᠡᠨ ᠬᠡᠦᠬᠡᠳ ᠲᠡᠭᠦᠨᠡᠷ ᠢᠶᠠᠨ ᠨᠤᠮ ᠤᠩᠰᠢᠬᠤ ᠳᠠᠳᠬᠠᠯ ᠲᠠᠢ ᠬᠦᠮᠦᠨ ᠪᠤᠯᠭᠠᠨ ᠬᠦᠮᠦᠵᠢᠬᠦᠯᠬᠦ ᠶᠢ ᠴᠢᠩᠭ᠎ᠠ ᠪᠠᠷᠢᠮᠳᠠᠯᠠᠵᠤ  ᠢᠷᠡᠵᠡᠢ᠃
          ᠮᠤᠩᠭᠤᠯ ᠰᠣᠶᠣᠯ ᠤᠨ ᠨᠡᠯᠦᠭᠡᠷ ᠲᠠᠯᠠᠢ ᠳᠤ ᠣᠬᠠᠭᠠᠨ ᠰᠣᠷᠢᠵᠦ ᠶᠠᠪᠤᠭ᠎ᠠ ᠣᠳᠬᠤᠨ᠂  2004—2018 ᠣᠨ ᠪᠣᠯᠳᠠᠯ᠎ᠠ 15 ᠵᠢᠯ ᠭᠠᠴᠠᠭᠠᠨ ᠤ ᠢᠶᠠᠨ ᠨᠠᠮ ᠤᠨ ᠡᠭᠦᠷ ᠤᠨ ᠱᠦᠵᠢ ᠶᠢᠨ ᠳᠣᠰᠢᠶᠠᠯ ᠢ ᠡᠭᠦᠷᠭᠡᠯᠡᠵᠦ  ᠶᠠᠪᠣᠬᠤ ᠳᠤ ᠪᠠᠨ ᠨᠠᠮ ᠤᠨ ᠰᠣᠷᠳᠠᠯ ᠤᠬᠠᠭᠤᠯᠭ᠎ᠠ ᠶᠢᠨ ᠠᠵᠢᠯ ᠳᠤ ᠳᠠᠭᠤᠷᠢᠶᠠᠯ  ᠪᠣᠯᠵᠣ᠂ ᠪᠣᠰᠣᠳ   ᠲᠤ ᠪᠠᠨ ᠲᠠᠭᠤᠷᠢᠶᠠᠯ ᠪᠣᠯᠵᠣ ᠢᠷᠡᠵᠡᠢ᠃ ᠬᠦᠳᠡᠭᠡ ᠨᠣᠳᠤᠭ ᠲᠤ ᠮᠢᠩᠭᠠᠨ ᠬᠤᠨᠢ ᠲᠠᠢ ᠮᠠᠯᠴᠢᠨ ᠣᠯᠠᠨ ᠪᠠᠶᠢᠳᠠᠭ᠂ ᠡᠭᠦᠨ ᠤ ᠲᠣᠮᠳᠠ ᠤᠳᠬᠤᠨ ᠰᠢᠭ᠋ 1200 ᠭᠠᠷᠤᠢ ᠨᠤᠮ ᠬᠠᠳᠠᠭᠠᠯᠠᠵᠤ ᠤᠩᠰᠢᠭᠰᠠᠨ ᠮᠠᠯᠴᠢᠨ ᠪᠠᠰᠠ ᠴᠦᠬᠡᠨ ᠪᠤᠰᠤ ᠪᠠᠶᠢᠭ᠎ᠠ ᠶᠢ ᠳᠡᠮᠳᠡᠭᠯᠡᠭᠦᠰᠢᠲᠡᠢ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号