ᠡᠵᠢ ᠶᠢᠨ ᠨᠤᠲᠤᠭ
ᠨᠡᠶᠢᠲᠡᠯᠡᠭᠰᠡᠨ ᠴᠠᠭ᠄
2023/12/29
              ᠡᠵᠢ ᠶᠢᠨ ᠨᠤᠲᠤᠭ    ᠪᠢ ᠡᠨᠡ ᠨᠤᠲᠤᠭ ᠢ ᠵᠣᠷᠢᠨ ᠢᠷᠡᠬᠦ ᠳᠤ ᠨᠠᠮᠤᠷ ᠤᠨ ᠰᠡᠬᠦᠯ ᠰᠠᠷ᠎ᠠ ᠪᠣᠯᠵᠤ ᠪᠠᠶᠢᠯ᠎ᠠ᠃ ᠲᠡᠷᠭᠡᠨ ᠴᠣᠩᠬᠤ ᠪᠠᠷ ᠭᠠᠳᠠᠭᠰᠢ ᠬᠠᠷᠠᠬᠤ ᠳᠤ ᠵᠢᠭᠠᠰᠤᠲᠠᠢ ᠨᠠᠭᠤᠷ ᠤᠨ ᠰᠢᠪᠠᠭᠤᠳ ᠪᠣᠯᠪᠠᠤ︖ ᠮᠣᠳᠣᠲᠤ ᠬᠤᠸᠠ ᠶᠢᠨ ᠣᠷᠣᠢ ᠪᠠᠷ ᠳᠡᠪᠳᠡᠷᠢᠨ ᠨᠢᠰᠦᠭᠰᠡᠨ ᠤᠯᠠᠨ ᠰᠢᠪᠠᠭᠤᠳ ᠣᠭᠲᠠᠷᠭᠤᠢ ᠶᠢᠨ ᠴᠡᠭᠡᠯ ᠢᠶᠠᠷ ᠵᠡᠯᠡᠯᠡᠨ ᠠᠯᠤᠰ ᠢ ᠴᠢᠭᠯᠡᠬᠦ ᠨᠢ ᠳᠠᠩᠴᠤ ᠤᠶᠠᠷᠠᠯᠲᠠᠢ ᠰᠠᠨᠠᠭᠳᠠᠵᠤ ᠰᠡᠳᠬᠢᠯ ᠰᠣᠨᠢᠬᠠᠨ ᠭᠤᠨᠢᠭᠯᠠᠪᠠ᠃ ᠤᠬᠢᠯᠠᠮᠠᠷ ᠪᠣᠯᠤᠭᠰᠠᠨ ᠪᠣᠯᠬᠤᠷ ᠬᠤᠷᠳᠤᠬᠠᠨ ᠥᠭᠡᠷ᠎ᠡ ᠲᠠᠰᠢ ᠪᠠᠨ ᠬᠠᠷᠠᠯ᠎ᠠ᠃ ᠭᠡᠲᠡᠯ᠎ᠡ ᠬᠠᠷᠠᠭᠰᠠᠨ ᠵᠦᠭ ᠲᠤ ᠮᠠᠨᠢ ᠵᠢᠭᠠᠰᠤᠲᠠᠢ ᠨᠠᠭᠤᠷ ᠲᠠᠷᠡᠳᠬᠡᠨ ᠳᠣᠣᠷ᠎ᠠ ᠡᠵᠡᠭᠦᠶᠢᠷᠡᠨ ᠴᠡᠩᠬᠡᠷᠯᠡᠵᠦ ᠰᠢᠪᠠᠭᠤᠳ ᠤᠨ ᠢᠶᠠᠨ ᠬᠤᠶᠢᠨ᠎ᠠ ᠠᠴᠠ ᠮᠡᠯᠡᠷᠡᠨ ᠮᠡᠯᠮᠡᠷᠡᠬᠦ‍ ᠰᠢᠭ ᠦᠵᠡᠭᠳᠡᠯ᠎ᠡ᠃ ᠨᠢᠯᠪᠤᠰᠤ ᠥᠪᠡᠷ ᠤᠨ ᠡᠷᠬᠡ ᠦᠭᠡᠢ ᠁     ᠨᠥᠬᠦᠷ ᠮᠠᠨᠢ ᠲᠡᠷᠭᠡ ᠪᠠᠨ ᠵᠣᠭᠰᠣᠭᠠᠵᠤ ᠨᠢᠭᠡ ᠭᠤᠳᠣᠯᠢ ᠲᠠᠮᠠᠬᠢ ᠠᠰᠠᠭᠠᠨ ᠬᠦᠴᠦᠲᠡᠢ ᠬᠦᠴᠦᠲᠡᠢ ᠰᠤᠷᠤᠭᠰᠠᠭᠠᠷ ᠨᠠᠰᠢ ᠴᠠᠰᠢ ᠠᠯᠬᠤᠨ᠎ᠠ᠂ ᠲᠠᠬᠢᠨ ᠲᠡᠷᠭᠡᠨ ᠳᠣᠲᠣᠷ᠎ᠠ ᠪᠠᠨ ᠣᠷᠣᠵᠤ ᠰᠠᠭᠤᠭᠰᠠᠨ ᠢᠶᠠᠨ ︽ᠪᠤᠴᠠᠨ᠎ᠠ ᠤᠤ︖︾ ᠭᠡᠯ᠎ᠡ᠃     ᠵᠢᠭᠠᠰᠤᠲᠠᠢ ᠨᠠᠭᠤᠷ ᠪᠢᠳᠠ ᠬᠤᠶᠠᠷ ᠭᠠᠭᠴᠠᠭᠠᠷᠳᠠᠯ ᠪᠠ ᠡᠯᠦᠢ ᠬᠤᠯᠤᠢ ᠶᠢᠨ ᠳᠤᠮᠳᠠ ᠤᠶᠠᠰᠤᠨ ᠵᠣᠭᠰᠣᠨ᠎ᠠ᠃ ᠤᠯᠠᠨ ᠰᠠᠶᠢᠬᠠᠨ ᠬᠡᠦᠬᠡᠳ ᠲᠦᠷᠦᠬᠦᠯᠦᠭᠰᠡᠨ ᠡᠵᠢ ᠮᠢᠨᠢ ᠬᠥᠭᠡᠷᠦᠬᠦᠢ ᠦᠰᠦᠨ ᠳᠡᠭᠡᠨ ᠳᠠᠷᠤᠭᠳᠠᠭᠰᠠᠨ ᠬᠥᠭᠰᠢᠨ ᠪᠣᠯᠴᠢᠬᠠᠵᠠᠢ᠃ ᠣᠷᠴᠢᠮ ᠤᠨ ᠬᠡᠳᠦᠨ ᠵᠢᠯ ᠤᠬᠢᠯᠠᠬᠤ ᠴᠤ ᠰᠢᠭ᠋ ᠳᠠᠭᠤᠯᠠᠬᠤ ᠴᠦ ᠰᠢᠭ᠋ ᠭᠠᠩᠰᠠᠷᠠᠭᠠᠳ ᠭᠡᠷ ᠠᠴᠠ ᠪᠠᠨ ᠭᠠᠷᠤᠭᠰᠠᠭᠠᠷ ︽ᠶᠠᠪᠤᠶ᠎ᠠ ᠪᠥᠭᠡᠷ᠎ᠡ︕ ᠶᠠᠪᠤᠶ᠎ᠠ ᠳ᠋ᠠ︕︾ ᠭᠡᠳ ᠲᠠᠶᠠᠭ ᠢᠶᠠᠨ ᠲᠤᠯᠤᠨ ᠵᠦᠭ ᠴᠢᠭ ᠦᠭᠡᠢ ᠮᠠᠶᠢᠵᠢᠭᠴᠢᠬᠠᠨ᠎ᠠ᠃      ︽ᠭᠡᠷ ᠲᠡᠭᠡᠨ ᠪᠠᠶᠢᠵᠤ ᠪᠠᠶᠢᠭᠠᠳ ᠬᠠᠮᠢᠭ᠎ᠠ ᠶᠠᠪᠤᠬᠤ ᠶᠤᠮ ᠪᠤᠢ ᠡᠵᠢ ᠠ᠋︕︾ ᠭᠡᠬᠦ ᠪᠠᠷ ᠮᠥᠨ ᠯᠡ ︽ᠶᠠᠪᠤᠶ᠎ᠠ ᠪᠥᠭᠡᠷ᠎ᠡ ᠠ᠋᠂ ᠶᠠᠪᠤᠶ᠎ᠠ︕︾ ᠭᠡᠰᠡᠨ ᠦᠭᠡ ᠪᠠᠨ ᠨᠤᠷᠱᠤᠭᠠᠳ ᠨᠡᠩ ᠢᠯᠡᠭᠦᠦ ᠤᠬᠢᠯᠠᠵᠤ ᠳᠠᠭᠤᠯᠠᠬᠤ ᠶᠢᠨ ᠬᠤᠭᠤᠷᠣᠨᠳᠤ ᠭᠠᠩᠰᠠᠷᠠᠨ᠎ᠠ᠃ ᠬᠡᠷᠡᠯ ᠨᠢ ᠬᠠᠷᠢᠭᠰᠠᠨ ᠨᠢᠳᠦ ᠨᠢ ᠴᠢᠬᠢᠭᠳᠡᠨ ᠪᠠᠶᠢᠳᠠᠭ ᠳ᠋ᠠ᠃     - ᠡᠵᠢ ᠮᠢᠨᠢ ᠬᠠᠮᠢᠭ᠎ᠠ ᠶᠠᠪᠤᠬᠤ ᠭᠡᠳ ᠪᠠᠶᠢᠳᠠᠭ ᠶᠤᠮ ᠪᠣᠯ ᠳ᠋ᠠ︕ ᠡᠯᠦᠨᠴᠡ ᠬᠤᠯᠤᠨᠴᠠ ᠪᠤᠯᠳᠠᠯ᠎ᠠ ᠡᠨᠡ ᠨᠤᠲᠤᠭ᠂ ᠡᠨᠡ ᠭᠡᠷ ᠲᠤ ᠠᠮᠢᠳᠤᠷᠠᠭᠰᠠᠭᠠᠷ ᠢᠷᠡᠭᠰᠡᠨ ᠬᠥᠮᠥᠨ ᠳ᠋ᠠ᠃ ᠶᠡᠷᠦᠨᠢ ᠬᠠᠮᠢᠭ᠎ᠠ ᠶᠠᠪᠤᠬᠤ ᠭᠡᠳ ᠪᠠᠶᠢᠳᠠᠭ ᠪᠣᠯ︖        - ᠢᠯᠡᠢ ᠬᠥᠭᠡᠷᠦᠬᠦᠢ︕ ᠰᠡᠳᠬᠢᠯ ᠬᠦᠨᠳᠦ ᠬᠥᠮᠥᠨ ᠠ᠋᠂ ᠰᠡᠳᠬᠢᠯ ᠬᠦᠨᠳᠦ ᠬᠥᠮᠥᠨ᠃ ᠡᠵᠢ ᠴᠢᠨᠢ ᠲᠦᠷᠦᠭᠰᠡᠨ ᠨᠤᠲᠤᠭ ᠠᠴᠠ ᠪᠠᠨ ᠰᠠᠯᠵᠤ ᠭᠠᠷᠴᠤ ᠢᠷᠡᠭᠡᠳ ᠣᠨ ᠤᠳᠠᠵᠤ ᠳ᠋ᠠ ᠬᠥᠭᠡᠷᠦᠬᠦᠢ︕ ᠬᠥᠮᠥᠨ ᠤ   ᠬᠦᠢ ᠪᠠᠨ  ᠪᠤᠯᠠᠭᠰᠠᠨ  ᠨᠤᠲᠤᠭ ᠭᠡᠭᠴᠢ ᠡᠭᠦᠷᠢᠳᠡ ᠰᠡᠳᠬᠢᠯ ᠵᠢᠷᠦᠬᠡ ᠶᠢ ᠨᠢ ᠣᠭᠤᠰᠣᠷᠯᠠᠭᠠᠳ ᠪᠠᠶᠢᠳᠠᠭ ᠶᠤᠮ᠃ ᠬᠥᠭᠡᠷᠦᠬᠦᠢ ᠴᠢᠨᠢ  ᠨᠤᠲᠤᠭ  ᠲᠠᠭᠠᠨ  ᠨᠢᠭᠡ  ᠬᠠᠷᠢᠬᠤ  ᠶᠤᠮ  ᠰᠠᠨ ᠭᠡᠵᠦ ᠪᠤᠳᠤᠭᠠᠳ  ᠪᠤᠳᠤᠭᠠᠳ  ᠪᠠᠶᠢᠭᠰᠠᠨ ᠪᠤᠯᠤᠯᠳᠠᠢ᠃ ᠲᠡᠬᠡᠬᠦᠯᠠᠷ ᠰᠦᠨᠡᠰᠦ ᠨᠢ ᠨᠤᠲᠤᠭ ᠵᠦᠭ ᠢᠶᠠᠨ ᠶᠠᠪᠤᠭᠠᠳ ᠲᠦᠬᠡᠷᠡᠴᠢᠬᠡᠭᠰᠡᠨ ᠪᠠᠶᠢᠬᠤ ᠦᠭᠡᠢ ᠤᠤ︕ ᠡᠵᠢ ᠴᠢᠨᠢ ᠬᠠᠮᠢᠶ᠎ᠠ ᠦᠭᠡᠢ ᠬᠠᠮᠢᠶ᠎ᠠ ᠦᠭᠡᠢ᠂ ᠰᠡᠳᠬᠢᠯ ᠨᠢ ᠵᠢᠭᠠᠬᠠᠨ ᠰᠢᠨᠠᠯᠡᠨ᠎ᠡ ᠳ᠋ᠠ᠃     - ᠡᠵᠢ ᠮᠢᠨᠢ ᠡᠷᠡᠭᠦᠯ ᠰᠠᠷᠠᠭᠤᠯ ᠪᠠᠶᠢᠲᠠᠯ᠎ᠠ ᠰᠦᠨᠡᠰᠦ ᠨᠢ ᠶᠠᠪᠤᠯ᠎ᠠ ᠬᠡᠳᠡᠭ ᠴᠢᠨᠢ︖     - ᠬᠥᠮᠥᠨ ᠤ ᠪᠡᠶ᠎ᠡ ᠳᠤ ᠭᠤᠷᠪᠠᠨ ᠰᠦᠨᠡᠰᠦ ᠪᠠᠶᠢᠳᠠᠭ ᠶᠤᠮ ᠠ᠋ ᠬᠡᠦᠬᠡ᠃     - ᠨᠠᠰᠤ ᠶᠠᠪᠤᠭᠰᠠᠨ ᠡᠵᠢ ᠪᠠᠨ ᠵᠣᠪᠠᠭᠠᠭᠠᠳ ᠪᠠᠶᠢᠮᠠᠷ ᠦᠭᠡᠢ ᠪᠠᠶᠢᠨ᠎ᠠ ᠡᠪᠤᠸ᠋︕  ᠶᠠᠭᠠᠬᠢᠳᠠᠭ ᠪᠢᠯᠡ︖     - ᠲᠠᠷᠠ ᠠᠮᠠᠷᠬᠠᠨ᠂ ᠮᠥᠷᠥᠭᠡᠳᠦᠯ ᠤᠨ ᠬᠦᠴᠦᠨ ᠢ ᠰᠡᠳᠬᠢᠯ ᠤᠨ ᠬᠦᠴᠦ ᠪᠠᠷ ᠲᠠᠶᠢᠯᠤᠨ᠎ᠠ ᠳ᠋ᠠ᠃ ᠠ ᠲᠡᠶᠢᠮᠤ᠂ ᠬᠠᠮᠤᠭ ᠤᠨ ᠬᠠᠶᠢᠷᠠᠲᠠᠢ ᠬᠥᠮᠥᠰ ᠠᠴᠠ ᠨᠢ᠂ ᠵᠠ ᠪᠠᠶᠢᠵᠢ᠂ ᠦᠷ᠎ᠡ ᠬᠡᠦᠬᠡᠳ ᠠᠴᠠ ᠨᠢ ᠠᠰᠲᠠᠭᠠᠨ   ᠬᠠᠶᠢᠷᠠᠲᠠᠢ ᠬᠥᠮᠥᠨ ᠬᠡᠨ ᠪᠠᠶᠢᠬᠤ ᠪᠢᠯᠡ ᠳ᠋ᠧ᠃ ᠲᠡᠶᠢᠮᠤ ᠬᠡᠯᠡᠢ᠂ ᠬᠡᠦᠬᠡᠳ ᠠᠴᠠ ᠨᠢ ᠨᠢᠭᠡ ᠨᠢ ᠡᠵᠢ ᠶᠢᠨ  ᠢᠶᠠᠨ   ᠨᠤᠲᠤᠭ  ᠲᠤ  ᠣᠴᠢᠭᠠᠳ  ᠰᠠᠭᠤᠵᠤ ᠪᠠᠶᠢᠬᠤ ᠪᠠᠷ ᠡᠵᠢ ᠶᠢᠨ ᠴᠢᠨᠢ ᠰᠦᠨᠡᠰᠦ ᠲᠠᠭᠠᠭᠠᠳ ᠢᠷᠡᠴᠢᠬᠡᠨ᠎ᠡ᠂ ᠢᠷᠡᠴᠢᠬᠡᠨ᠎ᠡ᠃     - ᠡᠪᠤᠸ᠋᠂ ᠴᠢᠩᠭᠢᠭᠡᠳ ᠁     - ᠰᠦᠵᠢᠭ ᠰᠦᠰᠦᠭ ᠪᠠᠶᠢᠬᠤ ᠪᠠᠷ ᠠᠯᠢᠪᠠ ᠴᠢᠨᠢ ᠪᠦᠷ ᠪᠡᠶᠡᠯᠡᠭᠳᠡᠬᠦ ᠶᠤᠮ ᠭᠠᠶᠢᠭᠤᠢ ᠭᠠᠶᠢᠭᠤᠢ᠂ ᠬᠠᠷᠢᠨ ᠭᠤᠷᠪᠠᠨ ᠵᠢᠯ ᠰᠠᠭᠤᠨ᠎ᠠ ᠰᠢᠤ᠃     ᠨᠠᠷᠠᠨ ᠰᠦᠮᠪᠦᠷᠢᠳᠤ ᠨᠤᠲᠤᠭ ᠤᠨ ᠮᠢᠨᠢ ᠠᠯᠳᠠᠷᠲᠤ ᠪᠦᠬᠡ ᠡᠪᠤᠸ᠋ ᠶᠢᠨ ᠳᠡᠷᠭᠡᠳᠡ ᠠᠴᠠ ᠠᠮᠢᠳᠤᠷᠠᠯ ᠤᠨ ᠡᠯᠡ ᠬᠠᠯᠠ ᠳᠤ ᠡᠷᠡᠦ ᠨᠢ ᠡᠪᠦᠳᠦᠭ ᠲᠡᠭᠡᠨ ᠲᠤᠯᠤᠭᠰᠠᠨ ᠡᠵᠢ ᠪᠠᠨ ᠲᠦᠰᠢᠭᠰᠡᠭᠡᠷ ᠭᠠᠷᠴᠤ ᠢᠷᠡᠬᠦ ᠳᠤ ᠡᠵᠢ ᠨᠢᠭᠡ ᠳᠠᠭᠤᠤ ᠬᠡᠩᠰᠢᠬᠦ ᠰᠢᠤ ᠪᠣᠯᠪᠠ᠃ ᠣᠷᠴᠢᠮ ᠤᠨ ᠬᠡᠳᠦᠨ ᠵᠢᠯ ᠦᠭᠡ ᠵᠣᠭᠤᠭ ᠦᠭᠡᠢ ᠪᠣᠯᠴᠢᠬᠠᠵᠤ ᠳᠠᠩᠳᠠ ᠯᠡ ︽ᠶᠠᠪᠤᠶ᠎ᠠ ᠳ᠋ᠠ︾ ᠭᠡᠰᠡᠨ ᠦᠭᠡ ᠪᠠᠨ ᠠᠬᠢᠨ ᠲᠠᠬᠢᠨ ᠳᠠᠪᠲᠠᠳᠠᠭ ᠡᠵᠢ ᠭᠡᠨᠡᠳᠲᠡ ᠨᠢᠭᠡ ᠳᠠᠭᠤᠤ ᠬᠡᠩᠰᠢᠬᠦ‍ ᠰᠢᠭ ᠪᠣᠯᠤᠭᠰᠠᠨ ᠰᠠᠶᠢᠬᠠᠨ ᠴᠢᠩᠬᠢᠨᠠᠪᠠᠯ᠄     ᠨᠠᠮᠤᠭ ᠴᠡᠭᠡᠯ ᠤᠨ ᠪᠤᠷᠭᠠᠰᠤ ᠨᠢ     ᠨᠠᠮᠠᠭᠠᠨ ᠵᠦᠭ ᠢᠶᠠᠨ ᠨᠠᠶᠢᠭᠤᠭᠠᠨ ᠲᠠᠢ     ᠨᠠᠰᠤᠨ ᠪᠠᠭ᠎ᠠ ᠪᠥᠭᠡᠷ᠎ᠡ ᠶᠢ ᠪᠠᠨ     ᠨᠠᠰᠤᠨ ᠤ ᠵᠡᠷᠭᠡ ᠳᠤ ᠬᠦᠷᠭᠡᠯ᠎ᠡ ᠳ᠋ᠧ ᠭᠡᠵᠦ ᠪᠠᠶᠢᠨ᠎ᠠ᠃  ᠮᠠᠨ ᠢ ᠲᠦᠬᠦᠬᠡ ᠣᠷᠣᠬᠤ ᠠᠴᠠ ᠯᠠ ᠡᠨᠡ ᠭᠤᠣᠯ ᠢ ᠥᠭᠰᠥᠨ ᠤᠷᠤᠭᠤᠳᠠᠨ ᠪᠥᠭᠴᠥᠭᠡᠨᠡᠵᠦ ᠶᠠᠪᠤᠬᠤ ᠳᠠᠭᠠᠨ ᠭᠠᠭᠴᠠ ᠳᠠᠭᠤᠯᠠᠳᠠᠭ ᠳᠠᠭᠤᠤ ᠪᠠᠨ ᠳᠠᠭᠤᠯᠠᠵᠤ ᠪᠠᠶᠢᠬᠤ ᠶᠤᠮ᠃     ᠡᠵᠢ ᠮᠢᠨᠢ ᠠᠷᠪᠠᠨ ᠵᠢᠷᠭᠤᠭᠠᠲᠠᠢ ᠠᠪᠤ ᠳᠤ ᠮᠣᠷᠳᠠᠵᠤ ᠢᠷᠡᠯ᠎ᠡ ᠭᠡᠰᠡᠨ ᠳ᠋ᠠ᠃ ᠢᠩᠭᠢᠬᠦᠯᠡᠷ ᠶᠠᠭ ᠪᠦᠬᠦᠯᠢ ᠨᠠᠶᠠᠨ ᠵᠢᠯ ᠨᠤᠲᠤᠭ ᠲᠠᠭᠠᠨ ᠣᠴᠢᠭ᠎ᠠ ᠦᠭᠡᠢ ᠰᠠᠨᠵᠠᠢ᠃ ᠨᠠᠶᠠᠨ ᠵᠢᠯ ᠨᠤᠲᠤᠭ ᠤᠰᠤ ᠳᠤᠷᠠᠰᠤᠨ ᠮᠥᠷᠥᠭᠡᠳᠴᠦ ᠠᠮᠢᠳᠤᠷᠠᠨ᠎ᠠ ᠬᠡᠳᠡᠭ ᠶᠠᠮᠠᠷᠬᠠᠨ ᠬᠦᠨᠳᠦ ᠰᠡᠳᠬᠢᠯ ᠪᠢᠯᠡ︕     ᠨᠠᠶᠠᠨ ᠵᠢᠯ᠂ ᠨᠠᠶᠠᠨ ᠵᠢᠯ ᠁     ᠭᠡᠨᠡᠳᠲᠡ ᠵᠢᠭᠠᠰᠤᠲᠠᠢ  ᠨᠠᠭᠤᠷ  ᠠᠴᠠ  ᠰᠡᠷᠢᠭᠦᠨ ᠰᠠᠯᠬᠢ ᠰᠡᠩᠭᠢ   ᠬᠢᠨ  ᠠᠷᠴᠠ  ᠽᠠᠨᠳᠠᠨ   ᠤ ᠦᠨᠦᠷ ᠬᠠᠩᠬᠤᠯᠤᠭᠰᠠᠨ ᠰᠢᠤ ᠪᠣᠯᠣᠭᠠᠳ ᠰᠤᠭᠤᠨᠠᠭ ᠴᠠᠭᠠᠨ ᠬᠡᠷᠡᠯ ᠰᠠᠴᠤᠷᠠᠨ ᠲᠡᠷᠲᠡᠭᠡᠬᠢ ᠬᠠᠪᠢᠷᠠᠭ᠎ᠠ ᠬᠤᠸᠠ ᠬᠦᠷᠳᠠᠯ᠎ᠠ ᠭᠡᠶᠢᠭᠡᠳ ᠶᠠᠪᠤᠴᠢᠬᠠᠯ᠎ᠠ᠃ ᠴᠢᠩᠭᠢᠬᠦ ᠪᠠᠷ ︽ᠨᠠᠮᠤᠭ ᠴᠡᠭᠡᠯ ᠤᠨ ᠪᠤᠷᠭᠠᠰᠤ ᠨᠢ ᠶᠠ ᠁︾ ᠭᠡᠰᠡᠨ ᠤᠷᠳᠤ ᠶᠢᠨ ᠲᠠᠭᠤᠨ ᠤ ᠳᠤᠮᠳᠠᠭᠤᠷ ᠦᠬᠡᠷ ᠲᠡᠷᠭᠡ ᠴᠤᠪᠤᠷᠠᠯᠳᠤᠨ ᠬᠠᠪᠢᠷᠠᠭ᠎ᠠ ᠬᠤᠸᠠ ᠶᠢᠨ ᠡᠩᠭᠡᠷ ᠰᠢᠷᠡᠭᠡ ᠠᠶᠢᠯ ᠤᠨ ᠬᠠᠵᠠᠭᠤ ᠪᠠᠷ ᠴᠢᠨ᠋ᠸ᠎ᠠ ᠶᠢᠨ ᠭᠤᠣᠯ ᠢ ᠭᠠᠲᠤᠯᠤᠨ ᠠᠷᠪᠠᠨ ᠵᠢᠷᠭᠤᠭᠠᠲᠠᠢ ᠡᠵᠢ ᠶᠢ ᠮᠢᠨᠢ ᠬᠠᠷᠢ ᠳᠤ ᠮᠣᠷᠳᠠᠭᠤᠯᠵᠤ ᠶᠠᠪᠤᠭ᠎ᠠ ᠨᠢ ᠬᠠᠷᠠᠭᠳᠠᠯ᠎ᠠ᠃ ᠲᠡᠷᠡ ᠬᠦ ᠤᠷᠳᠤ ᠶᠢᠨ ᠰᠠᠶᠢᠬᠠᠨ ᠠᠶᠠᠰ ᠤᠨ ᠳᠤᠮᠳᠠ ᠬᠤᠶᠠᠷ ᠪᠡᠷᠭᠡᠨ ᠤ ᠪᠠᠨ ᠬᠠᠮᠲᠤ ᠤᠶᠠᠷᠠᠭᠰᠠᠭᠠᠷ ᠶᠠᠪᠤᠬᠤ ᠡᠵᠢ ᠠᠩᠬ᠎ᠠ ᠤᠳᠠᠭ᠎ᠠ ᠡᠵᠢ ᠶᠢᠨ ᠢᠶᠠᠨ ᠭᠡᠷ ᠠᠴᠠ ᠰᠠᠯᠵᠤ ᠭᠠᠷᠤᠭ᠎ᠠ ᠪᠢᠯᠡ᠃           ᠁     ᠡᠵᠢ ᠠᠯᠲᠠᠢ ᠶᠢᠨ ᠮᠠᠩᠬ᠎ᠠ ᠶᠢᠨ ᠬᠤᠷᠮᠣᠢ ᠬᠦᠷᠴᠦ ᠢᠷᠡᠭᠡᠳ ᠬᠠᠷᠠᠭᠠᠨ ᠲᠠᠯᠳᠠ ᠣᠷᠣᠮᠠᠷ ᠪᠠᠶᠢᠬᠤ ᠲᠦᠷᠦᠭᠰᠡᠨ ᠨᠤᠲᠤᠭ ᠢᠶᠠᠨ ᠰᠡᠳᠬᠢᠯ ᠵᠢᠷᠦᠬᠡᠨ ᠳᠡᠭᠡᠨ ᠰᠢᠩᠭᠡᠵᠦ ᠠᠪᠤᠶ᠎ᠠ ᠭᠡᠰᠡᠨ ᠰᠢᠭ ᠦᠬᠡᠷ ᠲᠡᠷᠭᠡᠨ ᠤ ᠪᠦᠬᠡᠭ ᠠᠴᠠ ᠪᠠᠨ ᠲᠣᠯᠣᠭᠠᠢ ᠪᠠᠨ ᠭᠠᠷᠭᠠᠨ ᠬᠤᠶᠢᠰᠢ ᠪᠠᠨ ᠤᠳᠠᠲᠠᠯ᠎ᠠ ᠬᠠᠷᠠᠯ᠎ᠠ ᠁      ᠬᠤᠨᠲᠣᠨ ᠴᠠᠮᠴᠠ ᠡᠮᠦᠰᠦᠭᠡᠳ ᠥᠨᠳᠥᠷ ᠬᠠᠷ᠎ᠠ ᠬᠡᠭᠡᠷ ᠮᠣᠷᠢ ᠣᠨᠣᠭᠰᠠᠨ ᠡᠵᠢ ᠶᠢᠨ ᠴᠡᠴᠡᠭ ᠤᠨ ᠬᠡ ᠲᠠᠢ ᠨᠠᠰᠤ ᠲᠡᠨᠳᠡ ᠬᠠᠷᠠᠭᠳᠠᠵᠤ ᠪᠠᠶᠢᠨ᠎ᠠ᠃     ᠮᠢᠨᠤ ᠡᠵᠢ ᠠᠯᠲᠠᠩᠬᠸ᠎ᠠ ᠭᠡᠰᠡᠨ ᠨᠡᠷ᠎ᠡ ᠲᠠᠢ᠃ ᠡᠵᠢ ᠶᠢᠨ ᠡᠵᠢ ᠠᠩᠬᠢᠯᠤᠮ᠎ᠠ ᠦᠨᠦᠷᠲᠦ ᠠᠯᠲᠠᠩᠬᠸ᠎ᠠ ᠴᠡᠴᠡᠭ ᠢᠶᠠᠷ ᠬᠤᠴᠢᠯᠭ᠎ᠠ ᠪᠣᠯᠭᠠᠨ  ᠡᠪᠬᠡᠵᠦ᠂ ᠰᠢᠭᠦᠳᠡᠷᠢᠲᠦ ᠲᠠᠯ᠎ᠠ ᠶᠢᠨ ᠨᠣᠶᠢᠲᠠᠨ ᠬᠥᠬᠡ ᠴᠢᠯᠠᠭᠤ ᠪᠠᠷ ᠬᠦᠢ ᠶᠢ ᠨᠢ ᠳᠠᠷᠤᠵᠤ ᠲᠠᠯᠪᠢᠬᠤ ᠳᠠᠭᠠᠨ ︽ᠶᠠᠮᠠᠷ ᠪᠤᠶᠠᠨᠲᠤ ᠥᠬᠢᠨ ᠪᠤᠢ︕ ᠴᠢ᠃ ᠮᠥᠨ ᠠᠯᠲᠠᠩᠬᠸ᠎ᠠ ᠴᠡᠴᠡᠭ ᠰᠢᠤ ᠭᠡᠷᠡᠯᠲᠡᠢ ᠶᠠᠪᠤᠨ᠎ᠠ ᠠ᠋︾ ᠭᠡᠵᠦ ᠰᠢᠪᠡᠨᠡᠭᠰᠡᠨ ᠭᠡᠰᠡᠨ᠃       ᠮᠠᠯᠴᠢᠨ ᠬᠥᠮᠥᠨ ᠤ ᠵᠢᠷᠭᠠᠯ ᠭᠡᠵᠦ ᠡᠪᠡᠰᠦᠨ ᠤ ᠦᠨᠦᠷ ᠠᠩᠬᠢᠯᠤᠮ᠎ᠠ ᠵᠠᠳᠠᠷᠠᠬᠤ ᠡᠭᠡᠷᠡᠮ᠎ᠡ ᠬᠥᠳᠡᠭᠡ ᠶᠢᠨ ᠡᠯᠢᠭᠡᠨ ᠳᠤ ᠪᠠᠶᠢᠳᠠᠭ᠃ ᠪᠠᠶᠢᠭᠠᠯᠢ ᠬᠤᠷᠸ᠎ᠠ ᠶᠢᠨ ᠦᠵᠡᠰᠬᠦᠯᠡᠩ ᠲᠠᠩᠰᠤᠭ ᠢ ᠭᠠᠶᠢᠬᠠᠭᠤᠯᠤᠭᠰᠠᠨ ᠵᠡᠷᠭᠡᠯᠭᠡᠨᠲᠦ ᠭᠤᠪᠢ ᠮᠠᠩᠬ᠎ᠠ᠂ ᠬᠤᠯᠪᠤᠭ᠎ᠠ ᠠᠭᠤᠯᠠ ᠶᠢᠨ ᠬᠤᠯᠨ ᠶᠢᠨ ᠪᠠᠷ᠎ᠠ ᠵᠦᠮᠪᠦᠷᠢᠳᠡᠭᠡᠳ ᠠᠭᠤᠵᠢᠮ ᠠᠴᠠ ᠠᠭᠤᠵᠢᠮ ᠰᠠᠴᠢ ᠶᠢᠨ ᠲᠠᠯ᠎ᠠ ᠪᠠᠨ ᠤᠯᠠᠮ ᠠᠩᠬᠢᠯᠤᠮ᠎ᠠ ᠰᠠᠶᠢᠬᠠᠨ ᠪᠠᠳᠠᠷᠠᠭᠠᠭᠰᠠᠨ ᠠᠯᠲᠠᠩᠬᠸ᠎ᠠ ᠴᠡᠴᠡᠭ ᠤᠨ ᠳᠤᠮᠳᠠᠭᠤᠷ ᠬᠦᠳᠡᠯᠮᠦᠷᠢᠴᠢ ᠬᠥᠮᠥᠨ ᠤ ᠪᠠᠭ᠋ᠠᠷᠬᠠᠯ ᠪᠣᠯᠤᠭᠰᠠᠨ ᠤᠯᠠᠨ ᠰᠠᠶᠢᠬᠠᠨ ᠬᠤᠨᠢᠳ ᠢᠶᠠᠨ ᠬᠠᠷᠢᠭᠤᠨ ᠶᠠᠪᠤᠨ᠎ᠠ ᠡᠵᠢ᠃ ᠬᠤᠨᠢᠳ ᠭᠡᠬᠦ ᠠᠴᠠ ᠳ᠋ᠧ᠂ ᠪᠠᠶᠠᠨᠰᠢᠯᠢ ᠲᠠᠭᠠᠵᠦ ᠪᠡᠯᠴᠢᠭᠰᠡᠨ ᠵᠡᠭᠡᠷ᠎ᠡ ᠭᠤᠷ᠎ᠠ ᠴᠦ ᠢᠳᠡᠰᠢᠯᠡᠭᠰᠡᠭᠡᠷ ᠲᠡᠳᠡᠭᠡᠷ ᠬᠤᠨᠢᠨ ᠰᠦᠷᠦᠭ ᠲᠠᠢ ᠨᠡᠶᠢᠯᠡᠨ᠂ ᠰᠠᠷᠠᠭᠤᠯ ᠭᠠᠩᠭᠠᠨ ᠰᠠᠴᠢ ᠶᠢᠨ ᠲᠠᠯ᠎ᠠ ᠳᠤ ᠬᠤᠨᠢ᠂ ᠵᠡᠭᠡᠷ᠎ᠡ ᠠᠯᠢ ᠶᠢ ᠨᠢ ᠬᠠᠷᠢᠭᠤᠯᠵᠤ ᠪᠠᠶᠢᠬᠤ ᠪᠠᠨ ᠦᠯᠦ ᠮᠡᠳᠡᠨ᠎ᠡ᠃ ᠠᠰᠤᠷᠤ ᠲᠣᠮᠣ ᠬᠤᠨᠢ ᠵᠡᠭᠡᠷ᠎ᠡ ᠶᠢᠨ ᠰᠦᠷᠦᠭ ᠰᠢᠮ᠎ᠡ ᠰᠢᠭᠦᠰᠦᠲᠦ ᠪᠡᠯᠴᠢᠭᠡᠷ ᠲᠠᠭᠠᠵᠦ ᠠᠬᠢᠭᠠᠳ ᠯᠨ ᠪᠠᠶᠠᠨᠰᠢᠯᠢ ᠵᠦᠭ ᠡᠭᠦᠯᠡ ᠰᠢᠭ ᠨᠡᠭᠦᠭᠡᠳ ᠯᠡ᠃     ᠰᠠᠴᠢ ᠶᠢᠨ ᠲᠠᠯ᠎ᠠ ᠠᠴᠠ ᠪᠠᠭ᠎ᠠ ᠪᠠᠷᠠᠭᠤᠨ ᠬᠤᠶᠢᠰᠢ ᠠᠭᠲᠠ ᠶᠢᠨ ᠬᠤᠸᠠ ᠶᠢᠨ ᠣᠷᠣᠢ ᠨᠠᠮᠬᠠᠨ ᠰᠤᠨᠢᠶᠠᠵᠤ᠂ ᠬᠦᠯᠦᠭ ᠮᠣᠷᠢᠳ ᠤᠨ ᠲᠤᠭᠤᠷᠠᠢ ᠶᠢᠨ ᠡᠭᠡᠰᠢᠭᠯᠡᠩᠳᠤ ᠠᠶᠠᠯᠭᠤ ᠲᠤᠤᠨᠢᠨ᠎ᠠ᠃ ᠲᠡᠨᠳᠡ ᠵᠡᠷᠭᠡᠯᠡᠳᠡᠭᠡ ᠬᠤᠳᠠ ᠶᠢᠨ ᠠᠪᠠᠭ᠎ᠠ ᠮᠢᠨᠢ ᠰᠠᠰᠧᠷ ᠪᠠᠶᠠᠨ ᠤ ᠮᠢᠩᠭᠠᠨ ᠠᠳᠤᠭᠤ ᠶᠢ ᠠᠳᠤᠭᠤᠯᠤᠨ ᠢᠰᠬᠡᠷᠴᠢᠬᠡᠭᠰᠡᠨ ᠵᠢᠪᠬᠤᠭ᠎ᠠ ᠵᠣᠯᠪᠣᠭᠠᠲᠠᠢ ᠠᠯᠤᠰ ᠢ ᠳᠤᠷᠠᠨᠳᠠᠨ᠎ᠠ᠃ ᠲᠡᠭᠦᠨ ᠤ ᠭᠠᠭᠴᠠ ᠨᠢᠳᠦᠨ ᠲᠤᠷᠠᠨ ᠤ ᠬᠠᠷᠠᠭᠠᠨ ᠳᠤ ᠵᠢᠷᠦᠬᠡ ᠬᠠᠪᠲᠠᠭᠠᠢ ᠶᠢᠨ ᠲᠡᠨᠳᠡ ᠠᠴᠠ ᠰᠡᠭᠦᠳᠡᠷ ᠠᠴᠠ ᠪᠠᠨ ᠨᠠᠳᠬᠤᠨ᠂ ᠰᠡᠬᠦᠯ ᠢᠶᠠᠷ ᠢᠶᠠᠨ ᠨᠠᠭᠠᠳᠤᠭᠰᠠᠭᠠᠷ ᠵᠢᠭᠦᠷ ᠲᠠᠢ ᠬᠤᠶᠠᠷ ᠰᠢᠪᠠᠭᠤᠨ ᠰᠡᠷᠡᠯ ᠵᠢᠭᠠᠰᠤᠲᠠᠢ ᠨᠠᠭᠤᠷ ᠲᠤ ᠢᠷᠡᠵᠦ ᠤᠮᠳᠠᠯᠠᠬᠤ ᠭᠠᠶᠢᠬᠠᠮᠰᠢᠭᠲᠤ ᠦᠵᠡᠭᠳᠡᠯ ᠲᠣᠳᠣᠷᠠᠨ᠎ᠠ᠃ ᠡᠨᠡᠬᠦ ᠰᠣᠨᠢᠨ ᠭᠠᠩᠭᠠᠩ ᠵᠢᠭᠦᠷ ᠲᠠᠢ ᠬᠤᠶᠠᠷ ᠰᠢᠪᠠᠭᠤᠨ ᠰᠡᠷᠡᠯ ᠲᠡᠭᠷᠢ ᠠᠭᠤᠯᠠ ᠶᠢᠨ ᠣᠷᠣᠢ ᠳᠡᠭᠡᠷ᠎ᠡ ᠰᠠᠭᠤᠷᠢᠰᠢᠭ᠎ᠠ ᠡᠯᠳᠡᠪ ᠵᠠᠬᠢᠷᠤᠭᠴᠢ ᠶᠢᠨ ᠬᠠᠶᠢᠷᠠᠲᠠᠢ ᠮᠣᠷᠢ ᠪᠤᠯᠬᠤ ᠪᠥᠭᠡᠳ ᠳᠠᠩᠳᠠ ᠯᠨ ᠰᠠᠰᠧᠷ ᠪᠠᠶᠠᠨ ᠤ ᠮᠢᠩᠭᠠᠨ ᠠᠳᠤᠭᠤ ᠲᠠᠢ ᠢᠵᠢᠯᠳᠡᠨ ᠠᠭᠲᠠ ᠶᠢᠨ ᠬᠤᠸᠠ ᠶᠢᠨ ᠣᠷᠣᠢ ᠪᠠᠷ ᠪᠡᠯᠴᠢᠨ ᠪᠠᠶᠢᠳᠠᠭ ᠪᠦᠯᠦᠭᠡ᠃ ᠴᠢᠩᠭᠢᠬᠦᠯᠡᠷ ᠠᠳᠤᠭᠤᠴᠢᠨ ᠬᠥᠮᠥᠨ ᠰᠠᠶᠢᠬᠠᠨ ᠮᠣᠷᠢᠳ ᠰᠠᠶᠢᠨ ᠠᠳᠤᠭᠤ ᠶᠢ ᠠᠳᠤᠭᠤᠯᠤᠨ ᠶᠠᠪᠤᠬᠤ ᠠᠴᠠ ᠢᠯᠡᠭᠦᠦ ᠵᠢᠷᠭᠠᠯ ᠬᠠᠮᠢᠭ᠎ᠠ ᠪᠠᠶᠢᠬᠤ ᠪᠢᠯᠡ︕ ᠬᠡᠳᠦᠶᠢᠪᠡᠷ ᠥᠪᠡᠷ ᠤᠨ ᠬᠢᠨᠢ ᠪᠢᠰᠢ ᠴᠦ ᠭᠡᠰᠡᠨ ᠮᠠᠯᠴᠢᠨ ᠬᠥᠮᠥᠨ ᠪᠣᠯᠬᠤᠷ ᠨᠤᠲᠤᠭ ᠤᠨ ᠢᠶᠠᠨ ᠪᠠᠶᠠᠨ ᠪᠤᠶᠠᠨ ᠢ ᠭᠠᠶᠢᠬᠠᠭᠤᠯᠤᠭᠰᠠᠨ ᠮᠠᠯ ᠠᠬᠤᠢ ᠳᠤ ᠬᠠᠶᠢᠷᠠᠲᠠᠢ ᠰᠡᠳᠬᠢᠯ ᠳᠡᠭᠡᠨ ᠡᠨᠡᠬᠦ ᠥᠨᠢᠷ ᠲᠠᠩᠰᠤᠭ ᠪᠦᠬᠦᠨ ᠢ ᠪᠠᠭ᠋ᠠᠷᠬᠠᠬᠤ ᠦᠭᠡᠢ ᠪᠠᠶᠢᠬᠤ ᠶᠢᠨ ᠠᠷᠭ᠎ᠠ ᠦᠭᠡᠢ ᠰᠠᠨ︕     ᠲᠡᠶᠢᠮᠤ ᠠ᠋︕  ᠠᠮᠢᠳᠤᠷᠠᠯ ᠤᠨ ᠤᠳᠬ᠎ᠠ ᠴᠢᠨᠠᠷ ᠢ ᠪᠠᠳᠠᠷᠠᠭᠠᠭᠰᠠᠨ ᠦᠯᠡᠮᠵᠢ ᠶᠢᠨ ᠲᠡᠭᠦᠯᠳᠡᠷ ᠠᠭᠲᠠ ᠶᠢᠨ ᠬᠤᠸᠠ ᠶᠢᠨ ᠣᠷᠣᠢ ᠳᠡᠭᠡᠷ᠎ᠡ ᠠᠴᠠ ᠨᠠᠷᠠᠨ ᠤ ᠳᠣᠣᠷ᠎ᠠ᠂ ᠨᠠᠷᠠᠨ ᠤ ᠲᠤᠶᠠᠭ᠎ᠠ ᠰᠢᠭ᠋ ᠠᠯᠲᠠᠷᠬᠠᠤ ᠰᠠᠴᠢ ᠶᠢᠨ ᠲᠠᠯ᠎ᠠ ᠶᠢᠨ ᠠᠯᠲᠠᠩᠬᠸ᠎ᠠ ᠴᠡᠴᠡᠭ᠂ ᠠᠯᠲᠠᠩᠬᠸ᠎ᠠ ᠴᠡᠴᠡᠭ ᠰᠢᠤ ᠭᠤᠶᠣᠬᠠᠨ ᠥᠬᠢᠨ ᠤ ᠤᠷᠳᠤ ᠬᠠᠷ᠎ᠠ ᠬᠡᠵᠢᠬᠡ ᠶᠢᠨ ᠨᠠᠮᠢᠷᠠᠭᠠᠨ ᠢ ᠨᠡᠩ ᠢᠯᠡᠭᠦᠦ ᠳᠤᠷᠠᠨᠳᠠᠬᠤ ᠳᠤᠷᠠᠲᠠᠢ᠃ ᠲᠡᠭᠦᠨ ᠤ ᠠᠯᠲᠠᠩᠬᠸ᠎ᠠ ᠴᠡᠴᠡᠭ ᠢᠶᠠᠷ ᠬᠤᠴᠢᠵᠤ ᠰᠠᠴᠢ ᠶᠢᠨ ᠲᠠᠯ᠎ᠠ ᠠᠴᠠ ᠲᠡᠪᠡᠷᠢᠵᠦ ᠢᠷᠡᠬᠦ ᠠᠴᠠ ᠠᠪᠤᠭᠠᠳ ᠠᠷᠪᠠᠨ ᠭᠤᠷᠪᠠᠨ ᠵᠢᠯ ᠤᠨ ᠲᠤᠷᠰᠢᠲᠠ ᠡᠪᠦᠳᠦᠭ ᠳᠡᠭᠡᠷ᠎ᠡ ᠪᠠᠨ ᠰᠠᠭᠤᠯᠭᠠᠵᠤ᠂ ᠤᠢ ᠶᠢᠨ ᠬᠤᠷᠢᠮ ᠢ ᠬᠥᠭᠵᠢᠭᠡᠨ ᠤᠷᠳᠤ ᠶᠢᠨ ᠳᠠᠭᠤᠤ ᠡᠬᠡᠰᠢᠭ ᠠᠶᠠᠯᠭᠤ ᠪᠠᠷ ᠢᠶᠠᠨ ᠪᠠᠶᠢᠭᠠᠯᠢ ᠳᠡᠯᠡᠬᠡᠢ᠂ ᠬᠥᠮᠥᠨ ᠠᠷᠠᠳ ᠢᠶᠠᠨ ᠤᠬᠠᠭᠠᠷᠠᠭᠤᠯᠤᠨ ᠤᠶᠠᠷᠠᠭᠤᠯᠵᠤ ᠬᠠᠶᠢᠷᠠᠬᠠᠨ ᠪᠠᠭ᠎ᠠ ᠥᠬᠢᠨ ᠢᠶᠠᠨ ᠬᠠᠶᠢᠷᠠᠯᠠᠨ ᠰᠠᠨᠠᠵᠤ ᠶᠠᠪᠤᠭᠰᠠᠨ ᠪᠣᠯᠬᠤᠷ ᠡᠴᠢᠭᠡ ᠬᠥᠮᠥᠨ ᠤ ᠬᠠᠶᠢᠷ᠎ᠠ ᠪᠠᠷ ᠡᠩᠬᠦᠷᠡᠶᠢᠯᠡᠬᠦ ᠦᠭᠡᠢ ᠪᠠᠶᠢᠵᠤ ᠴᠢᠳᠠᠬᠤ ᠦᠭᠡᠢ᠃ ︽ᠥᠬᠢᠨ ᠬᠥᠮᠥᠨ ᠨᠤᠲᠤᠭ ᠤᠨ ᠴᠢᠮᠡᠭ ᠶᠤᠮ ᠠ᠋︾ ᠭᠡᠵᠦ ᠶᠠᠷᠢᠬᠤ ᠦᠭᠡᠢ ᠪᠠᠶᠢᠬᠤ ᠶᠢᠨ ᠠᠷᠭ᠎ᠠ ᠦᠭᠡᠢ ᠰᠠᠨ᠃     ᠲᠡᠭᠷᠢ ᠶᠢᠨ ᠬᠢᠵᠠᠭᠠᠷ ᠭᠠᠵᠠᠷ ᠤᠨ ᠬᠢᠯᠢ ᠠᠭᠤᠰᠤᠯᠳᠠᠭᠰᠠᠨ ᠭᠡᠮᠡᠷ ᠥᠷᠭᠡᠨ ᠠᠭᠤᠳᠠᠮ ᠨᠤᠲᠤᠭ ᠰᠢᠭ᠋ ᠢᠶᠠᠨ ᠬᠥᠮᠥᠨ ᠠᠷᠠᠳ ᠨᠢ ᠴᠤ ᠤᠬᠠᠭ᠎ᠠ ᠲᠡᠨᠢᠭᠦᠨ ᠪᠤᠳᠤᠯ ᠭᠦᠨ ᠪᠠᠶᠢᠳᠠᠭ᠃ ᠨᠡᠩ ᠴᠤ ᠨᠤᠲᠤᠭ ᠨᠢ ᠭᠠᠩᠭᠠᠩ ᠪᠣᠯᠬᠤᠷ ᠥᠬᠢᠳ ᠬᠥᠪᠡᠭᠦᠳ ᠨᠢ ᠬᠥᠭᠡᠷᠦᠬᠦᠨ ᠳᠡᠭᠵᠢᠨ ᠪᠠᠶᠢᠳᠠᠭ ᠠᠵᠢ᠃ ᠠᠵᠢᠯᠴᠢ ᠬᠦᠳᠡᠯᠮᠤᠷᠢᠴᠢ᠂ ᠲᠤᠰᠠᠮᠠᠷᠴᠢ ᠪᠠᠭ᠎ᠠ ᠨᠠᠰᠤᠨ ᠤ ᠠᠯᠳᠠᠩᠬᠤᠸ᠎ᠠ ᠪᠠᠨ ᠠᠶᠢᠯ ᠭᠤᠣᠯ ᠢᠶᠠᠷ ᠢᠶᠠᠨ ᠪᠠᠭ᠋ᠠᠷᠬᠠᠨ ᠬᠠᠶᠢᠷᠠᠯᠠᠳᠠᠭ᠃ ᠬᠥᠮᠥᠨ ᠬᠥᠮᠥᠨ ᠤ ᠪᠠᠨ ᠬᠠᠶᠢᠷᠠᠨ ᠳᠤ ᠬᠥᠮᠥᠵᠢᠵᠦ᠂ ᠶᠢᠷᠲᠢᠨᠴᠦ ᠶᠢᠨ ᠬᠡᠬᠡᠨ ᠰᠠᠷᠠᠭᠤᠯ ᠢ ᠬᠦᠰᠡᠨ ᠮᠥᠷᠥᠭᠡᠳᠴᠦ ᠶᠠᠪᠤᠳᠠᠭ ᠰᠠᠶᠢᠬᠠᠨ ᠠ᠋᠃     ᠠᠳᠤᠭᠤᠴᠢᠨ ᠠᠪᠠᠭ᠎ᠠ ᠨᠢ ᠥᠨᠥᠳᠥᠷ ︽ᠡᠨᠡ ᠮᠠᠭᠤ ᠰᠢᠷ᠎ᠠ ᠥᠬᠢᠨ ᠬᠠᠷᠠᠵᠤ ᠮᠡᠳᠡᠬᠦ ᠶᠢᠨ ᠵᠠᠪ ᠦᠭᠡᠢ ᠰᠤᠭᠤ ᠥᠰᠦᠯ᠎ᠡ ᠰᠢᠤ᠃ ᠪᠠᠷᠤᠭ ᠮᠢᠨᠤ ᠬᠢᠷᠢ ᠥᠨᠳᠥᠷ ᠪᠣᠯᠴᠢᠬᠠᠬᠤ ᠠᠶᠠᠳᠠᠯ᠎ᠠ︾ ᠭᠡᠳ ᠥᠨᠳᠥᠷ ᠬᠡᠭᠡᠷ ᠮᠣᠷᠢᠨ ᠳᠡᠭᠡᠷ᠎ᠡ ᠪᠠᠨ ᠪᠦᠰᠡᠲᠡᠢ ᠬᠡᠦᠬᠡᠳ ᠰᠢᠭ ᠳᠡᠭᠵᠢᠨ ᠶᠠᠪᠤᠭ᠎ᠠ ᠶᠢ ᠬᠠᠷᠠᠭᠠᠳ ︽ᠬᠡᠦᠬᠡᠳ ᠥᠰᠴᠦ ᠡᠪᠦᠭᠡᠳ ᠠᠪᠴᠢᠨ᠎ᠠ ᠬᠡᠳᠡᠭ ᠪᠣᠯᠵᠤ ᠳ᠋ᠧ︾ ᠬᠡᠮᠡᠨ ᠳᠦᠳᠦᠨᠡᠨ᠎ᠡ᠃ ᠨᠢᠭᠡ ᠡᠳᠦᠷ ︽ᠠᠯᠲᠠᠩᠬᠸ᠎ᠠ ᠶᠢ ᠪᠡᠶ᠎ᠡ ᠲᠡᠩᠬᠡᠭᠡ ᠲᠠᠢ ᠳᠡᠭᠡᠷ᠎ᠡ ᠪᠠᠨ ᠬᠥᠮᠥᠨ ᠲᠦᠰᠢᠭᠦᠯᠦᠶ᠎ᠡ︕︾ ᠭᠡᠵᠦ ᠥᠲᠡᠯᠦᠭᠡᠳ ᠪᠡᠶ᠎ᠡ ᠪᠠᠷᠤᠭᠲᠠᠢ ᠪᠣᠯᠤᠭᠰᠠᠨ ᠡᠵᠢ ᠨᠢ ᠶᠠᠷᠢᠯ᠎ᠠ᠃ ᠢᠱᠢ ᠬᠥᠭᠡᠷᠦᠬᠦᠢ ᠥᠬᠢᠨ ᠬᠥᠮᠥᠨ ᠤ ᠵᠠᠶᠠᠭ᠎ᠠ ᠬᠥᠮᠥᠨ ᠤ ᠡᠭᠦᠳᠡᠨ ᠳᠤ ᠠᠵᠢ᠃ ᠬᠥᠮᠥᠰ ᠶᠡᠷᠦᠨᠢ ᠥᠬᠢᠨ ᠬᠥᠮᠥᠨ ᠢ ︽ᠬᠠᠷᠢ ᠶᠢᠨ ᠬᠠᠳᠠᠭᠠᠰᠤ ᠬᠠᠨᠴᠤᠢ ᠶᠢᠨ ᠨᠥᠬᠦᠭᠡᠰᠦ ᠭᠡᠵᠦ ᠬᠡᠯᠡᠳᠡᠭ ᠪᠢᠯᠡ︕︾ ᠭᠡᠵᠦ ᠳᠦᠳᠦᠨᠡᠨ ᠰᠡᠮ ᠰᠡᠭᠦᠷᠡᠰᠦᠯᠡᠪᠡ᠃ ᠡᠨᠡᠬᠦ ᠥᠷᠥ ᠬᠠᠶᠢᠷ᠎ᠠ ᠶᠢᠨ ᠰᠡᠭᠦᠷᠡᠰᠦᠨ ᠳᠤ ᠡᠭᠦᠯᠡᠨ ᠲᠣᠯᠣᠭᠠᠢ ᠳᠣᠭᠤᠭᠰᠢᠯᠠᠵᠤ ᠮᠠᠷ ᠮᠠᠷ ᠰᠠᠯᠬᠢᠯᠠᠭᠰᠠᠨ ᠢᠶᠠᠨ ᠮᠦᠬᠦᠨ ᠪᠣᠷᠣᠭᠠᠨ ᠰᠡᠮᠡᠷᠡᠵᠡᠢ᠃     ᠬᠥᠮᠥᠨ ᠪᠠᠶᠢᠭᠠᠯᠢ ᠶᠢᠨ ᠬᠦᠢ ᠲᠣᠭᠲᠠᠯᠴᠠᠭ᠎ᠠ ᠭᠡᠳᠡᠭ ᠡᠶᠢᠮᠦᠬᠡᠨ ᠪᠤᠯᠤᠯᠳᠠᠢ᠃ ᠬᠠᠪᠢᠷᠠᠭ᠎ᠠ ᠬᠤᠸᠠ ᠶᠢᠨ ᠬᠤᠪᠬᠢ ᠪᠦᠬᠦᠨ ᠢ ᠨᠡᠪᠲᠡ ᠭᠡᠷᠡᠯᠳᠦᠬᠦᠯᠦᠨ ᠰᠠᠴᠤᠷᠠᠭᠰᠠᠨ ᠭᠡᠷᠡᠯ ᠠᠭᠠᠵᠢᠮ ᠢᠶᠠᠷ ᠲᠤᠨᠤᠭᠰᠡᠨ ᠢᠶᠠᠨ ᠨᠠᠮᠤᠷ ᠤᠨ ᠰᠡᠭᠦᠯᠴᠢ ᠶᠢᠨ ᠮᠦᠬᠦᠨ ᠪᠣᠷᠣᠭᠠᠨ ᠵᠢᠭᠠᠰᠤᠲᠠᠢ ᠨᠠᠭᠤᠷ ᠪᠢᠳᠠ ᠬᠤᠶᠠᠷ ᠢ ᠰᠢᠪᠰᠢᠨ ᠱᠠᠭᠢᠯ᠎ᠠ᠃ ᠶᠠᠭ ᠯᠨ ᠡᠵᠢ ᠶᠢᠨ ᠮᠢᠨᠢ ᠨᠢᠭᠤᠵᠤ ᠣᠬᠢᠯᠠᠭᠰᠠᠨ ᠨᠢᠯᠪᠤᠰᠤ ᠰᠢᠰᠢ᠊ᠭ᠋  ᠰᠢᠭ ᠪᠤᠳᠤᠯ ᠢ ᠬᠦᠨᠳᠡᠨ ᠨᠠᠷᠢᠨ ᠨᠠᠷᠢᠨ ᠪᠣᠷᠣᠭᠠᠨ ᠵᠦᠰᠡᠷᠡᠨ᠎ᠡ᠃ ᠪᠠᠰᠠ ᠵᠢᠭᠠᠰᠤᠲᠠᠢ ᠨᠠᠭᠤᠷ ᠤᠨ ᠤᠰᠤ ᠶᠢ ᠲᠣᠪᠰᠢᠨ ᠪᠠᠭᠤᠬᠤ ᠪᠣᠷᠣᠭᠠᠨ ᠤ ᠲᠠᠭᠤᠨ ᠬᠤᠶᠠᠭ ᠡᠮᠦᠰᠬᠡᠯ ᠢᠶᠠᠨ ᠬᠡᠲᠦᠷᠡᠭᠰᠡᠨ ᠪᠦᠭᠡᠳᠡᠨ ᠡᠪᠦᠸ᠋ ᠶᠢᠨ ᠪᠦᠢᠪᠦᠷ ᠢᠶᠠᠷ ᠢᠶᠠᠨ ᠬᠢᠴᠡ ᠪᠠᠨ ᠳᠡᠯᠡᠳᠴᠦ ᠪᠦᠭᠡᠯᠡᠨ ᠪᠥᠵᠢᠭᠯᠡᠭᠡ ᠲᠠᠭᠤᠨ ᠮᠡᠲᠦ᠃     ᠬᠥᠮᠥᠨ ᠤ ᠤᠬᠠᠭᠠᠨ ᠬᠠᠶᠢᠷ᠎ᠠ᠂ ᠬᠦᠰᠡᠯ ᠮᠥᠷᠥᠭᠡᠳᠦᠯ᠂ ᠤᠶᠤᠨ ᠰᠦᠨᠡᠰᠦ ᠶᠢ ᠳᠠᠯᠠᠯᠤᠨ ᠲᠠᠯᠠᠯᠤᠬᠤ ᠮᠡᠲᠦ ᠨᠠᠮᠤᠷ ᠤᠨ ᠰᠠᠯᠬᠢᠨ ᠤ ᠤᠶᠠᠩᠭ᠎ᠠ ᠳᠦᠷᠢᠯᠡᠭᠡ᠂ ᠡᠵᠢ ᠶᠢ ᠮᠢᠨᠢ ᠦᠷ᠎ᠡ ᠪᠠᠨ ᠰᠢᠭ ᠬᠠᠶᠢᠷᠠᠯᠠᠭᠰᠠᠨ ᠠᠳᠤᠭᠤᠴᠢᠨ ᠤ ᠣᠮᠣᠭᠯᠠᠩ ᠢᠰᠬᠡᠷᠦᠯ᠂ ᠠᠭᠲᠠ ᠶᠢᠨ ᠬᠤᠸᠠ ᠶᠢᠨ ᠨᠠᠮᠬᠠᠨ ᠣᠷᠣᠢ ᠪᠠᠨ ᠪᠦᠷᠬᠦᠭᠰᠡᠨ ᠮᠢᠩᠭᠠᠨ ᠠᠳᠤᠭᠤᠨ ᠤ ᠦᠦᠷᠰᠡᠯᠲᠡ ᠢᠨᠴᠠᠭᠠᠯᠳᠤᠨ ᠴᠤᠪᠬᠤᠴᠡᠨ ᠲᠦᠷᠬᠢᠯᠳᠦᠬᠦ ᠴᠢᠮᠡᠭᠡ ᠲᠠᠢ ᠬᠦᠭ ᠨᠡᠶᠢᠯᠡᠨ ᠠᠶᠠᠰᠠᠷᠠᠵᠦ ᠮᠥᠷᠥᠭᠡᠳᠦᠯ ᠤᠨ ᠭᠦᠨ ᠵᠦᠭ ᠲᠤᠮᠤᠭ ᠦᠨᠡᠨ ᠢ ᠤᠴᠢᠷᠯᠠᠨ ᠤᠴᠢᠷᠯᠠᠬᠤ ᠮᠡᠲᠦ᠃       ᠵᠡᠷᠭᠡᠯᠭᠡᠨ ᠲᠦᠬᠦᠯᠵᠢᠭᠰᠡᠨ ᠰᠢᠷᠭᠠᠯ ᠰᠠᠯᠬᠢ ᠡᠪᠡᠰᠦᠨ ᠲᠣᠯᠣᠭᠠᠢ ᠳᠡᠭᠡᠭᠦᠷ ᠠᠩᠬᠢᠯᠤᠮ᠎ᠠ ᠲᠤᠨᠤᠯᠵᠠᠭᠠᠳ ᠰᠠᠴᠢ ᠶᠢᠨ ᠲᠠᠯ᠎ᠠ ᠠᠴᠠ ᠡᠭᠦᠷ ᠡᠭᠦᠷ ᠥᠨᠳᠡᠭᠡ ᠲᠡᠭᠳᠡᠭᠡᠢ ᠪᠠᠨ ᠳᠠᠭᠠᠭᠤᠯᠤᠨ ᠭᠠᠯᠠᠭᠤ ᠰᠢᠪᠠᠭᠤᠳ ᠮᠣᠳᠣᠲᠤ ᠬᠤᠸᠠ ᠶᠢᠨ ᠣᠷᠣᠢ ᠵᠦᠭ ᠴᠥᠷᠬᠡᠯᠡᠯ᠎ᠡ᠃ ᠤᠷᠳᠤ ᠤᠳᠠᠭᠠᠨ ᠣᠨ ᠵᠢᠯ  ᠤᠳ  ᠤᠨ  ᠨᠠᠷᠠᠨ ᠰᠠᠷᠠᠨ  ᠤ  ᠭᠡᠷᠡᠯ  ᠢ  ᠰᠢᠩᠭᠡᠭᠡᠵᠦ  ᠨᠤᠲᠤᠭ  ᠢᠶᠠᠨ  ᠰᠠᠬᠢᠭ᠍ᠰᠡᠨ ᠬᠥᠬᠡ ᠴᠢᠯᠠᠭᠤ  - ᠡᠵᠢ ᠶᠢᠨ ᠮᠢᠨᠢ ᠬᠦᠢ ᠶᠢ ᠳᠠᠷᠤᠭᠰᠠᠨ  ᠬᠥᠬᠡ  ᠴᠢᠯᠠᠭᠤᠨ ᠠᠴᠠ ᠡᠵᠢ ᠶᠢᠨ ᠨᠢᠯᠬ᠎ᠠ ᠶᠢᠨ ᠦᠨᠦᠷ᠂ ᠨᠢᠯᠬ᠎ᠠ ᠶᠢᠨ ᠲᠠᠭᠤᠨ᠂ ᠢᠨᠢᠶᠡᠵᠦ ᠲᠣᠭᠯᠠᠵᠤ ᠶᠠᠪᠤᠭᠰᠠᠨ ᠪᠠᠭ᠎ᠠ ᠨᠠᠰᠤᠨ ᠤ ᠬᠢᠨᠢ ᠪᠠᠶᠠᠷ ᠵᠢᠷᠭᠠᠯ ᠤᠨ ᠪᠦᠯᠢᠶᠡᠨ ᠠᠮᠢᠰᠬᠤᠭ᠎ᠠ ᠳᠠᠷᠭᠢᠯᠤᠨ᠎ᠠ᠃ ᠪᠠᠰᠠ ᠡᠨᠡ ᠨᠤᠲᠤᠭ ᠤᠨ ᠬᠥᠮᠥᠨ ᠵᠤᠨ ᠤ ᠭᠤᠯᠣᠮᠲᠠ ᠪᠠᠨ ᠪᠠᠳᠠᠷᠠᠭᠠᠭᠰᠠᠨ ᠠᠩᠬᠢᠯᠤᠭᠤᠨ ᠠᠮᠢᠳᠤᠷᠠᠯ ᠤᠨ ᠭᠡᠷᠡᠯ ᠭᠡᠭᠡ ᠰᠠᠴᠤᠷᠠᠨ ᠰᠠᠴᠤᠷᠠᠨ᠎ᠠ᠃        ︽ᠲᠠᠪᠤ ᠶᠢᠰᠦ ᠳᠤ ᠬᠠᠯᠢᠶ᠎ᠠ ᠢᠷᠡᠵᠦ᠂ ᠵᠢᠷᠭᠤᠭ᠎ᠠ ᠶᠢᠰᠦ ᠳᠤ ᠰᠢᠪᠠᠭᠤᠳ ᠢᠷᠡᠨ᠎ᠡ︾ ᠬᠡᠮᠡᠨ ᠡᠪᠦᠭᠡᠳ ᠬᠠᠭᠤᠴᠢᠯᠠᠳᠠᠭ ᠦᠨᠡᠨ ᠪᠠᠶᠢᠵᠤ ᠳ᠋ᠧ᠃ ᠡᠵᠢ ᠶᠢᠨ ᠭᠠᠩᠭᠠᠩ ᠰᠠᠶᠢᠬᠠᠨ ᠨᠤᠲᠤᠭ ᠤᠨ ᠨᠢᠭᠡᠨ ᠲᠤᠩᠭᠠᠯᠠᠭ ᠦᠷ ᠢᠶᠠᠷ ᠤᠯᠠᠨ ᠰᠢᠪᠠᠭᠤᠳ ᠴᠡᠩᠬᠡᠷ ᠲᠡᠭᠷᠢ ᠶᠢᠨ ᠳᠣᠣᠭᠤᠷ ᠳᠠᠭᠤᠯᠠᠯᠳᠤᠭᠰᠠᠭᠠᠷ ᠨᠢᠰᠴᠦ ᠢᠷᠡᠨᠡᠮ᠃ ᠠ ᠳ᠋ᠠ᠂ ᠬᠠᠷᠠᠭᠠᠴᠢ︕ ᠲᠡᠷᠨ ᠢᠷᠡᠬᠦ ᠤᠯᠠᠨ ᠰᠢᠪᠠᠭᠤᠳ ᠲᠠᠢ ᠬᠠᠮᠲᠤ ᠵᠢᠭᠦᠷ ᠲᠠᠢ ᠬᠤᠶᠠᠷ ᠰᠢᠪᠠᠭᠤᠨ ᠰᠡᠷᠡᠯ ᠢ ᠬᠦᠯᠦᠭᠯᠡᠭᠡᠳ ᠡᠵᠢ ᠮᠢᠨᠢ ᠴᠦ ᠰᠠᠯᠤᠭᠠᠳ ᠤᠳᠠᠭᠰᠠᠨ ᠨᠤᠲᠤᠭ ᠢᠶᠠᠨ ᠵᠣᠷᠢᠨ ᠢᠷᠡᠨᠡᠮ᠂ ᠢᠷᠡᠨᠡᠮ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号