ᠡᠵᠢ ᠶᠢᠨ ᠨᠤᠲᠤᠭ | | ᠪᠢ ᠡᠨᠡ ᠨᠤᠲᠤᠭ ᠢ ᠵᠣᠷᠢᠨ ᠢᠷᠡᠬᠦ ᠳᠤ ᠨᠠᠮᠤᠷ ᠤᠨ ᠰᠡᠬᠦᠯ ᠰᠠᠷ᠎ᠠ ᠪᠣᠯᠵᠤ ᠪᠠᠶᠢᠯ᠎ᠠ᠃ ᠲᠡᠷᠭᠡᠨ ᠴᠣᠩᠬᠤ ᠪᠠᠷ | ᠭᠠᠳᠠᠭᠰᠢ ᠬᠠᠷᠠᠬᠤ ᠳᠤ ᠵᠢᠭᠠᠰᠤᠲᠠᠢ ᠨᠠᠭᠤᠷ ᠤᠨ ᠰᠢᠪᠠᠭᠤᠳ ᠪᠣᠯᠪᠠᠤ︖ ᠮᠣᠳᠣᠲᠤ ᠬᠤᠸᠠ ᠶᠢᠨ ᠣᠷᠣᠢ ᠪᠠᠷ | ᠳᠡᠪᠳᠡᠷᠢᠨ ᠨᠢᠰᠦᠭᠰᠡᠨ ᠤᠯᠠᠨ ᠰᠢᠪᠠᠭᠤᠳ ᠣᠭᠲᠠᠷᠭᠤᠢ ᠶᠢᠨ ᠴᠡᠭᠡᠯ ᠢᠶᠠᠷ ᠵᠡᠯᠡᠯᠡᠨ ᠠᠯᠤᠰ ᠢ ᠴᠢᠭᠯᠡᠬᠦ ᠨᠢ ᠳᠠᠩᠴᠤ | ᠤᠶᠠᠷᠠᠯᠲᠠᠢ ᠰᠠᠨᠠᠭᠳᠠᠵᠤ ᠰᠡᠳᠬᠢᠯ ᠰᠣᠨᠢᠬᠠᠨ ᠭᠤᠨᠢᠭᠯᠠᠪᠠ᠃ ᠤᠬᠢᠯᠠᠮᠠᠷ ᠪᠣᠯᠤᠭᠰᠠᠨ ᠪᠣᠯᠬᠤᠷ ᠬᠤᠷᠳᠤᠬᠠᠨ ᠥᠭᠡᠷ᠎ᠡ | ᠲᠠᠰᠢ ᠪᠠᠨ ᠬᠠᠷᠠᠯ᠎ᠠ᠃ ᠭᠡᠲᠡᠯ᠎ᠡ ᠬᠠᠷᠠᠭᠰᠠᠨ ᠵᠦᠭ ᠲᠤ ᠮᠠᠨᠢ ᠵᠢᠭᠠᠰᠤᠲᠠᠢ ᠨᠠᠭᠤᠷ ᠲᠠᠷᠡᠳᠬᠡᠨ ᠳᠣᠣᠷ᠎ᠠ ᠡᠵᠡᠭᠦᠶᠢᠷᠡᠨ | ᠴᠡᠩᠬᠡᠷᠯᠡᠵᠦ ᠰᠢᠪᠠᠭᠤᠳ ᠤᠨ ᠢᠶᠠᠨ ᠬᠤᠶᠢᠨ᠎ᠠ ᠠᠴᠠ ᠮᠡᠯᠡᠷᠡᠨ ᠮᠡᠯᠮᠡᠷᠡᠬᠦ ᠰᠢᠭ ᠦᠵᠡᠭᠳᠡᠯ᠎ᠡ᠃ ᠨᠢᠯᠪᠤᠰᠤ ᠥᠪᠡᠷ ᠤᠨ | ᠡᠷᠬᠡ ᠦᠭᠡᠢ ᠁ ᠨᠥᠬᠦᠷ ᠮᠠᠨᠢ ᠲᠡᠷᠭᠡ ᠪᠠᠨ ᠵᠣᠭᠰᠣᠭᠠᠵᠤ ᠨᠢᠭᠡ ᠭᠤᠳᠣᠯᠢ ᠲᠠᠮᠠᠬᠢ ᠠᠰᠠᠭᠠᠨ ᠬᠦᠴᠦᠲᠡᠢ | ᠬᠦᠴᠦᠲᠡᠢ ᠰᠤᠷᠤᠭᠰᠠᠭᠠᠷ ᠨᠠᠰᠢ ᠴᠠᠰᠢ ᠠᠯᠬᠤᠨ᠎ᠠ᠂ ᠲᠠᠬᠢᠨ ᠲᠡᠷᠭᠡᠨ ᠳᠣᠲᠣᠷ᠎ᠠ ᠪᠠᠨ ᠣᠷᠣᠵᠤ ᠰᠠᠭᠤᠭᠰᠠᠨ ᠢᠶᠠᠨ | ︽ᠪᠤᠴᠠᠨ᠎ᠠ ᠤᠤ︖︾ ᠭᠡᠯᠡ᠃ ᠵᠢᠭᠠᠰᠤᠲᠠᠢ ᠨᠠᠭᠤᠷ ᠪᠢᠳᠠ ᠬᠤᠶᠠᠷ ᠭᠠᠭᠴᠠᠭᠠᠷᠳᠠᠯ ᠪᠠ ᠡᠯᠦᠢ ᠬᠤᠯᠤᠢ ᠶᠢᠨ | ᠳᠤᠮᠳᠠ ᠤᠶᠠᠰᠤᠨ ᠵᠣᠭᠰᠣᠨ᠎ᠠ᠃ ᠤᠯᠠᠨ ᠰᠠᠶᠢᠬᠠᠨ ᠬᠡᠦᠬᠡᠳ ᠲᠦᠷᠦᠬᠦᠯᠦᠭᠰᠡᠨ ᠡᠵᠢ ᠮᠢᠨᠢ ᠬᠥᠭᠡᠷᠦᠬᠦᠢ | ᠦᠰᠦᠨ ᠳᠡᠭᠡᠨ ᠳᠠᠷᠤᠭᠳᠠᠭᠰᠠᠨ ᠬᠥᠭᠰᠢᠨ ᠪᠣᠯᠴᠢᠬᠠᠵᠠᠢ᠃ ᠣᠷᠴᠢᠮ ᠤᠨ ᠬᠡᠳᠦᠨ ᠵᠢᠯ ᠤᠬᠢᠯᠠᠬᠤ ᠴᠤ ᠰᠢᠭ᠋ | ᠳᠠᠭᠤᠯᠠᠬᠤ ᠴᠦ ᠰᠢᠭ᠋ ᠭᠠᠩᠰᠠᠷᠠᠭᠠᠳ ᠭᠡᠷ ᠠᠴᠠ ᠪᠠᠨ ᠭᠠᠷᠤᠭᠰᠠᠭᠠᠷ ︽ᠶᠠᠪᠤᠶ᠎ᠠ ᠪᠥᠭᠡᠷ᠎ᠡ︕ ᠶᠠᠪᠤᠶ᠎ᠠ ᠳ᠋ᠠ︕︾ ᠭᠡᠳ | ᠲᠠᠶᠠᠭ ᠢᠶᠠᠨ ᠲᠤᠯᠤᠨ ᠵᠦᠭ ᠴᠢᠭ ᠦᠭᠡᠢ ᠮᠠᠶᠢᠵᠢᠭᠴᠢᠬᠠᠨᠠ᠃ | ︽ᠭᠡᠷ ᠲᠡᠭᠡᠨ ᠪᠠᠶᠢᠵᠤ ᠪᠠᠶᠢᠭᠠᠳ ᠬᠠᠮᠢᠭ᠎ᠠ ᠶᠠᠪᠤᠬᠤ ᠶᠤᠮ ᠪᠤᠢ ᠡᠵᠢ ᠠ᠋︕︾ ᠭᠡᠬᠦ ᠪᠠᠷ ᠮᠥᠨ ᠯᠡ ︽ᠶᠠᠪᠤᠶ᠎ᠠ | ᠪᠥᠭᠡᠷ᠎ᠡ ᠠ᠋᠂ ᠶᠠᠪᠤᠶ᠎ᠠ︕︾ ᠭᠡᠰᠡᠨ ᠦᠭᠡ ᠪᠠᠨ ᠨᠤᠷᠱᠤᠭᠠᠳ ᠨᠡᠩ ᠢᠯᠡᠭᠦᠦ ᠤᠬᠢᠯᠠᠵᠤ ᠳᠠᠭᠤᠯᠠᠬᠤ ᠶᠢᠨ | ᠬᠤᠭᠤᠷᠣᠨᠳᠤ ᠭᠠᠩᠰᠠᠷᠠᠨ᠎ᠠ᠃ ᠬᠡᠷᠡᠯ ᠨᠢ ᠬᠠᠷᠢᠭᠰᠠᠨ ᠨᠢᠳᠦ ᠨᠢ ᠴᠢᠬᠢᠭᠳᠡᠨ ᠪᠠᠶᠢᠳᠠᠭ ᠳ᠋ᠠ᠃ - ᠡᠵᠢ ᠮᠢᠨᠢ | ᠬᠠᠮᠢᠭ᠎ᠠ ᠶᠠᠪᠤᠬᠤ ᠭᠡᠳ ᠪᠠᠶᠢᠳᠠᠭ ᠶᠤᠮ ᠪᠣᠯ ᠳ᠋ᠠ︕ ᠡᠯᠦᠨᠴᠡ ᠬᠤᠯᠤᠨᠴᠠ ᠪᠤᠯᠳᠠᠯ᠎ᠠ ᠡᠨᠡ ᠨᠤᠲᠤᠭ᠂ ᠡᠨᠡ ᠭᠡᠷ ᠲᠤ | ᠠᠮᠢᠳᠤᠷᠠᠭᠰᠠᠭᠠᠷ ᠢᠷᠡᠭᠰᠡᠨ ᠬᠥᠮᠥᠨ ᠳ᠋ᠠ᠃ ᠶᠡᠷᠦᠨᠢ ᠬᠠᠮᠢᠭ᠎ᠠ ᠶᠠᠪᠤᠬᠤ ᠭᠡᠳ ᠪᠠᠶᠢᠳᠠᠭ ᠪᠣᠯ︖ | - ᠢᠯᠡᠢ ᠬᠥᠭᠡᠷᠦᠬᠦᠢ︕ ᠰᠡᠳᠬᠢᠯ ᠬᠦᠨᠳᠦ ᠬᠥᠮᠥᠨ ᠠ᠋᠂ ᠰᠡᠳᠬᠢᠯ ᠬᠦᠨᠳᠦ ᠬᠥᠮᠥᠨ᠃ ᠡᠵᠢ ᠴᠢᠨᠢ ᠲᠦᠷᠦᠭᠰᠡᠨ | ᠨᠤᠲᠤᠭ ᠠᠴᠠ ᠪᠠᠨ ᠰᠠᠯᠵᠤ ᠭᠠᠷᠴᠤ ᠢᠷᠡᠭᠡᠳ ᠣᠨ ᠤᠳᠠᠵᠤ ᠳ᠋ᠠ ᠬᠥᠭᠡᠷᠦᠬᠦᠢ︕ ᠬᠥᠮᠥᠨ ᠤ ᠬᠦᠢ ᠪᠠᠨ | ᠪᠤᠯᠠᠭᠰᠠᠨ ᠨᠤᠲᠤᠭ ᠭᠡᠭᠴᠢ ᠡᠭᠦᠷᠢᠳᠡ ᠰᠡᠳᠬᠢᠯ ᠵᠢᠷᠦᠬᠡ ᠶᠢ ᠨᠢ ᠣᠭᠤᠰᠣᠷᠯᠠᠭᠠᠳ ᠪᠠᠶᠢᠳᠠᠭ ᠶᠤᠮ᠃ ᠬᠥᠭᠡᠷᠦᠬᠦᠢ | ᠴᠢᠨᠢ ᠨᠤᠲᠤᠭ ᠲᠠᠭᠠᠨ ᠨᠢᠭᠡ ᠬᠠᠷᠢᠬᠤ ᠶᠤᠮ ᠰᠠᠨ ᠭᠡᠵᠦ ᠪᠤᠳᠤᠭᠠᠳ ᠪᠤᠳᠤᠭᠠᠳ ᠪᠠᠶᠢᠭᠰᠠᠨ ᠪᠤᠯᠤᠯᠳᠠᠢ᠃ | ᠲᠡᠬᠡᠬᠦᠯᠠᠷ ᠰᠦᠨᠡᠰᠦ ᠨᠢ ᠨᠤᠲᠤᠭ ᠵᠦᠭ ᠢᠶᠠᠨ ᠶᠠᠪᠤᠭᠠᠳ ᠲᠦᠬᠡᠷᠡᠴᠢᠬᠡᠭᠰᠡᠨ ᠪᠠᠶᠢᠬᠤ ᠦᠭᠡᠢ ᠤᠤ︕ ᠡᠵᠢ ᠴᠢᠨᠢ | ᠬᠠᠮᠢᠶ᠎ᠠ ᠦᠭᠡᠢ ᠬᠠᠮᠢᠶ᠎ᠠ ᠦᠭᠡᠢ᠂ ᠰᠡᠳᠬᠢᠯ ᠨᠢ ᠵᠢᠭᠠᠬᠠᠨ ᠰᠢᠨᠠᠯᠡᠨᠡ ᠳ᠋ᠠ᠃ - ᠡᠵᠢ ᠮᠢᠨᠢ ᠡᠷᠡᠭᠦᠯ ᠰᠠᠷᠠᠭᠤᠯ | ᠪᠠᠶᠢᠲᠠᠯ᠎ᠠ ᠰᠦᠨᠡᠰᠦ ᠨᠢ ᠶᠠᠪᠤᠯ᠎ᠠ ᠬᠡᠳᠡᠭ ᠴᠢᠨᠢ︖ - ᠬᠥᠮᠥᠨ ᠤ ᠪᠡᠶ᠎ᠡ ᠳᠤ ᠭᠤᠷᠪᠠᠨ ᠰᠦᠨᠡᠰᠦ ᠪᠠᠶᠢᠳᠠᠭ ᠶᠤᠮ | ᠠ᠋ ᠬᠡᠦᠬᠡ᠃ - ᠨᠠᠰᠤ ᠶᠠᠪᠤᠭᠰᠠᠨ ᠡᠵᠢ ᠪᠠᠨ ᠵᠣᠪᠠᠭᠠᠭᠠᠳ ᠪᠠᠶᠢᠮᠠᠷ ᠦᠭᠡᠢ ᠪᠠᠶᠢᠨ᠎ᠠ ᠡᠪᠤᠸ᠋︕ ᠶᠠᠭᠠᠬᠢᠳᠠᠭ | ᠪᠢᠯᠡ︖ - ᠲᠠᠷᠠ ᠠᠮᠠᠷᠬᠠᠨ᠂ ᠮᠥᠷᠥᠭᠡᠳᠦᠯ ᠤᠨ ᠬᠦᠴᠦᠨ ᠢ ᠰᠡᠳᠬᠢᠯ ᠤᠨ ᠬᠦᠴᠦ ᠪᠠᠷ ᠲᠠᠶᠢᠯᠤᠨ᠎ᠠ ᠳ᠋ᠠ᠃ ᠠ | ᠲᠡᠶᠢᠮᠤ᠂ ᠬᠠᠮᠤᠭ ᠤᠨ ᠬᠠᠶᠢᠷᠠᠲᠠᠢ ᠬᠥᠮᠥᠰ ᠠᠴᠠ ᠨᠢ᠂ ᠵᠠ ᠪᠠᠶᠢᠵᠢ᠂ ᠦᠷ᠎ᠡ ᠬᠡᠦᠬᠡᠳ ᠠᠴᠠ ᠨᠢ ᠠᠰᠲᠠᠭᠠᠨ | ᠬᠠᠶᠢᠷᠠᠲᠠᠢ ᠬᠥᠮᠥᠨ ᠬᠡᠨ ᠪᠠᠶᠢᠬᠤ ᠪᠢᠯᠡ ᠳ᠋ᠧ᠃ ᠲᠡᠶᠢᠮᠤ ᠬᠡᠯᠡᠢ᠂ ᠬᠡᠦᠬᠡᠳ ᠠᠴᠠ ᠨᠢ ᠨᠢᠭᠡ ᠨᠢ ᠡᠵᠢ ᠶᠢᠨ ᠢᠶᠠᠨ | ᠨᠤᠲᠤᠭ ᠲᠤ ᠣᠴᠢᠭᠠᠳ ᠰᠠᠭᠤᠵᠤ ᠪᠠᠶᠢᠬᠤ ᠪᠠᠷ ᠡᠵᠢ ᠶᠢᠨ ᠴᠢᠨᠢ ᠰᠦᠨᠡᠰᠦ ᠲᠠᠭᠠᠭᠠᠳ ᠢᠷᠡᠴᠢᠬᠡᠨ᠎ᠡ᠂ | ᠢᠷᠡᠴᠢᠬᠡᠨ᠎ᠡ᠃ - ᠡᠪᠤᠸ᠋᠂ ᠴᠢᠩᠭᠢᠭᠡᠳ ᠁ - ᠰᠦᠵᠢᠭ ᠰᠦᠰᠦᠭ ᠪᠠᠶᠢᠬᠤ ᠪᠠᠷ ᠠᠯᠢᠪᠠ ᠴᠢᠨᠢ ᠪᠦᠷ | ᠪᠡᠶᠡᠯᠡᠭᠳᠡᠬᠦ ᠶᠤᠮ ᠭᠠᠶᠢᠭᠤᠢ ᠭᠠᠶᠢᠭᠤᠢ᠂ ᠬᠠᠷᠢᠨ ᠭᠤᠷᠪᠠᠨ ᠵᠢᠯ ᠰᠠᠭᠤᠨ᠎ᠠ ᠰᠢᠤ᠃ ᠨᠠᠷᠠᠨ ᠰᠦᠮᠪᠦᠷᠢᠳᠤ | ᠨᠤᠲᠤᠭ ᠤᠨ ᠮᠢᠨᠢ ᠠᠯᠳᠠᠷᠲᠤ ᠪᠦᠬᠡ ᠡᠪᠤᠸ᠋ ᠶᠢᠨ ᠳᠡᠷᠭᠡᠳᠡ ᠠᠴᠠ ᠠᠮᠢᠳᠤᠷᠠᠯ ᠤᠨ ᠡᠯ᠎ᠡ ᠬᠠᠯᠠ ᠳᠤ ᠡᠷᠡᠦ ᠨᠢ | ᠡᠪᠦᠳᠦᠭ ᠲᠡᠭᠡᠨ ᠲᠤᠯᠤᠭᠰᠠᠨ ᠡᠵᠢ ᠪᠠᠨ ᠲᠦᠰᠢᠭᠰᠡᠭᠡᠷ ᠭᠠᠷᠴᠤ ᠢᠷᠡᠬᠦ ᠳᠤ ᠡᠵᠢ ᠨᠢᠭᠡ ᠳᠠᠭᠤᠤ ᠬᠡᠩᠰᠢᠬᠦ ᠰᠢᠤ | ᠪᠣᠯᠪᠠ᠃ ᠣᠷᠴᠢᠮ ᠤᠨ ᠬᠡᠳᠦᠨ ᠵᠢᠯ ᠦᠭᠡ ᠵᠣᠭᠤᠭ ᠦᠭᠡᠢ ᠪᠣᠯᠴᠢᠬᠠᠵᠤ ᠳᠠᠩᠳᠠ ᠯᠡ ︽ᠶᠠᠪᠤᠶ᠎ᠠ ᠳ᠋ᠠ︾ ᠭᠡᠰᠡᠨ | ᠦᠭᠡ ᠪᠠᠨ ᠠᠬᠢᠨ ᠲᠠᠬᠢᠨ ᠳᠠᠪᠲᠠᠳᠠᠭ ᠡᠵᠢ ᠭᠡᠨᠡᠳᠲᠡ ᠨᠢᠭᠡ ᠳᠠᠭᠤᠤ ᠬᠡᠩᠰᠢᠬᠦ ᠰᠢᠭ ᠪᠣᠯᠤᠭᠰᠠᠨ ᠰᠠᠶᠢᠬᠠᠨ | ᠴᠢᠩᠬᠢᠨᠠᠪᠠᠯ᠄ ᠨᠠᠮᠤᠭ ᠴᠡᠭᠡᠯ ᠤᠨ ᠪᠤᠷᠭᠠᠰᠤ ᠨᠢ ᠨᠠᠮᠠᠭᠠᠨ ᠵᠦᠭ ᠢᠶᠠᠨ ᠨᠠᠶᠢᠭᠤᠭᠠᠨ ᠲᠠᠢ ᠨᠠᠰᠤᠨ ᠪᠠᠭ᠎ᠠ | ᠪᠥᠭᠡᠷ᠎ᠡ ᠶᠢ ᠪᠠᠨ ᠨᠠᠰᠤᠨ ᠤ ᠵᠡᠷᠭᠡ ᠳᠤ ᠬᠦᠷᠭᠡᠯ᠎ᠡ ᠳ᠋ᠧ ᠭᠡᠵᠦ ᠪᠠᠶᠢᠨ᠎ᠠ᠃ ᠮᠠᠨ ᠢ ᠲᠦᠬᠦᠬᠡ ᠣᠷᠣᠬᠤ ᠠᠴᠠ ᠯᠠ | ᠡᠨᠡ ᠭᠤᠣᠯ ᠢ ᠥᠭᠰᠥᠨ ᠤᠷᠤᠭᠤᠳᠠᠨ ᠪᠥᠭᠴᠥᠭᠡᠨᠡᠵᠦ ᠶᠠᠪᠤᠬᠤ ᠳᠠᠭᠠᠨ ᠭᠠᠭᠴᠠ ᠳᠠᠭᠤᠯᠠᠳᠠᠭ ᠳᠠᠭᠤᠤ ᠪᠠᠨ | ᠳᠠᠭᠤᠯᠠᠵᠤ ᠪᠠᠶᠢᠬᠤ ᠶᠤᠮ᠃ ᠡᠵᠢ ᠮᠢᠨᠢ ᠠᠷᠪᠠᠨ ᠵᠢᠷᠭᠤᠭᠠᠲᠠᠢ ᠠᠪᠤ ᠳᠤ ᠮᠣᠷᠳᠠᠵᠤ ᠢᠷᠡᠯ᠎ᠡ ᠭᠡᠰᠡᠨ ᠳ᠋ᠠ᠃ | ᠢᠩᠭᠢᠬᠦᠯᠡᠷ ᠶᠠᠭ ᠪᠦᠬᠦᠯᠢ ᠨᠠᠶᠠᠨ ᠵᠢᠯ ᠨᠤᠲᠤᠭ ᠲᠠᠭᠠᠨ ᠣᠴᠢᠭ᠎ᠠ ᠦᠭᠡᠢ ᠰᠠᠨᠵᠠᠢ᠃ ᠨᠠᠶᠠᠨ ᠵᠢᠯ ᠨᠤᠲᠤᠭ ᠤᠰᠤ | ᠳᠤᠷᠠᠰᠤᠨ ᠮᠥᠷᠥᠭᠡᠳᠴᠦ ᠠᠮᠢᠳᠤᠷᠠᠨ᠎ᠠ ᠬᠡᠳᠡᠭ ᠶᠠᠮᠠᠷᠬᠠᠨ ᠬᠦᠨᠳᠦ ᠰᠡᠳᠬᠢᠯ ᠪᠢᠯᠡ︕ ᠨᠠᠶᠠᠨ ᠵᠢᠯ᠂ ᠨᠠᠶᠠᠨ ᠵᠢᠯ | ᠁ ᠭᠡᠨᠡᠳᠲᠡ ᠵᠢᠭᠠᠰᠤᠲᠠᠢ ᠨᠠᠭᠤᠷ ᠠᠴᠠ ᠰᠡᠷᠢᠭᠦᠨ ᠰᠠᠯᠬᠢ ᠰᠡᠩᠭᠢ ᠬᠢᠨ ᠠᠷᠴᠠ ᠽᠠᠨᠳᠠᠨ ᠤ | ᠦᠨᠦᠷ ᠬᠠᠩᠬᠤᠯᠤᠭᠰᠠᠨ ᠰᠢᠤ ᠪᠣᠯᠣᠭᠠᠳ ᠰᠤᠭᠤᠨᠠᠭ ᠴᠠᠭᠠᠨ ᠬᠡᠷᠡᠯ ᠰᠠᠴᠤᠷᠠᠨ ᠲᠡᠷᠲᠡᠭᠡᠬᠢ ᠬᠠᠪᠢᠷᠠᠭ᠎ᠠ ᠬᠤᠸᠠ | ᠬᠦᠷᠳᠠᠯ᠎ᠠ ᠭᠡᠶᠢᠭᠡᠳ ᠶᠠᠪᠤᠴᠢᠬᠠᠯ᠎ᠠ᠃ ᠴᠢᠩᠭᠢᠬᠦ ᠪᠠᠷ ︽ᠨᠠᠮᠤᠭ ᠴᠡᠭᠡᠯ ᠤᠨ ᠪᠤᠷᠭᠠᠰᠤ ᠨᠢ ᠶᠠ ᠁︾ ᠭᠡᠰᠡᠨ | ᠤᠷᠳᠤ ᠶᠢᠨ ᠲᠠᠭᠤᠨ ᠤ ᠳᠤᠮᠳᠠᠭᠤᠷ ᠦᠬᠡᠷ ᠲᠡᠷᠭᠡ ᠴᠤᠪᠤᠷᠠᠯᠳᠤᠨ ᠬᠠᠪᠢᠷᠠᠭ᠎ᠠ ᠬᠤᠸᠠ ᠶᠢᠨ ᠡᠩᠭᠡᠷ ᠰᠢᠷᠡᠭᠡ | ᠠᠶᠢᠯ ᠤᠨ ᠬᠠᠵᠠᠭᠤ ᠪᠠᠷ ᠴᠢᠨ᠋ᠸ᠎ᠠ ᠶᠢᠨ ᠭᠤᠣᠯ ᠢ ᠭᠠᠲᠤᠯᠤᠨ ᠠᠷᠪᠠᠨ ᠵᠢᠷᠭᠤᠭᠠᠲᠠᠢ ᠡᠵᠢ ᠶᠢ ᠮᠢᠨᠢ ᠬᠠᠷᠢ ᠳᠤ | ᠮᠣᠷᠳᠠᠭᠤᠯᠵᠤ ᠶᠠᠪᠤᠭ᠎ᠠ ᠨᠢ ᠬᠠᠷᠠᠭᠳᠠᠯ᠎ᠠ᠃ ᠲᠡᠷᠡ ᠬᠦ ᠤᠷᠳᠤ ᠶᠢᠨ ᠰᠠᠶᠢᠬᠠᠨ ᠠᠶᠠᠰ ᠤᠨ ᠳᠤᠮᠳᠠ ᠬᠤᠶᠠᠷ | ᠪᠡᠷᠭᠡᠨ ᠤ ᠪᠠᠨ ᠬᠠᠮᠲᠤ ᠤᠶᠠᠷᠠᠭᠰᠠᠭᠠᠷ ᠶᠠᠪᠤᠬᠤ ᠡᠵᠢ ᠠᠩᠬ᠎ᠠ ᠤᠳᠠᠭ᠎ᠠ ᠡᠵᠢ ᠶᠢᠨ ᠢᠶᠠᠨ ᠭᠡᠷ ᠠᠴᠠ ᠰᠠᠯᠵᠤ | ᠭᠠᠷᠤᠭ᠎ᠠ ᠪᠢᠯᠡ᠃ ᠁ ᠡᠵᠢ ᠠᠯᠲᠠᠢ ᠶᠢᠨ ᠮᠠᠩᠬ᠎ᠠ ᠶᠢᠨ ᠬᠤᠷᠮᠣᠢ ᠬᠦᠷᠴᠦ ᠢᠷᠡᠭᠡᠳ ᠬᠠᠷᠠᠭᠠᠨ | ᠲᠠᠯᠳᠠ ᠣᠷᠣᠮᠠᠷ ᠪᠠᠶᠢᠬᠤ ᠲᠦᠷᠦᠭᠰᠡᠨ ᠨᠤᠲᠤᠭ ᠢᠶᠠᠨ ᠰᠡᠳᠬᠢᠯ ᠵᠢᠷᠦᠬᠡᠨ ᠳᠡᠭᠡᠨ ᠰᠢᠩᠭᠡᠵᠦ ᠠᠪᠤᠶ᠎ᠠ ᠭᠡᠰᠡᠨ ᠰᠢᠭ | ᠦᠬᠡᠷ ᠲᠡᠷᠭᠡᠨ ᠤ ᠪᠦᠬᠡᠭ ᠠᠴᠠ ᠪᠠᠨ ᠲᠣᠯᠣᠭᠠᠢ ᠪᠠᠨ ᠭᠠᠷᠭᠠᠨ ᠬᠤᠶᠢᠰᠢ ᠪᠠᠨ ᠤᠳᠠᠲᠠᠯ᠎ᠠ ᠬᠠᠷᠠᠯ᠎ᠠ ᠁ | ᠬᠤᠨᠲᠣᠨ ᠴᠠᠮᠴᠠ ᠡᠮᠦᠰᠦᠭᠡᠳ ᠥᠨᠳᠥᠷ ᠬᠠᠷ᠎ᠠ ᠬᠡᠭᠡᠷ ᠮᠣᠷᠢ ᠣᠨᠣᠭᠰᠠᠨ ᠡᠵᠢ ᠶᠢᠨ ᠴᠡᠴᠡᠭ ᠤᠨ ᠬᠡ ᠲᠠᠢ ᠨᠠᠰᠤ | ᠲᠡᠨᠳᠡ ᠬᠠᠷᠠᠭᠳᠠᠵᠤ ᠪᠠᠶᠢᠨ᠎ᠠ᠃ ᠮᠢᠨᠤ ᠡᠵᠢ ᠠᠯᠲᠠᠩᠬᠸ᠎ᠠ ᠭᠡᠰᠡᠨ ᠨᠡᠷ᠎ᠡ ᠲᠠᠢ᠃ ᠡᠵᠢ ᠶᠢᠨ ᠡᠵᠢ ᠠᠩᠬᠢᠯᠤᠮ᠎ᠠ | ᠦᠨᠦᠷᠲᠦ ᠠᠯᠲᠠᠩᠬᠸ᠎ᠠ ᠴᠡᠴᠡᠭ ᠢᠶᠠᠷ ᠬᠤᠴᠢᠯᠭ᠎ᠠ ᠪᠣᠯᠭᠠᠨ ᠡᠪᠬᠡᠵᠦ᠂ ᠰᠢᠭᠦᠳᠡᠷᠢᠲᠦ ᠲᠠᠯ᠎ᠠ ᠶᠢᠨ ᠨᠣᠶᠢᠲᠠᠨ ᠬᠥᠬᠡ | ᠴᠢᠯᠠᠭᠤ ᠪᠠᠷ ᠬᠦᠢ ᠶᠢ ᠨᠢ ᠳᠠᠷᠤᠵᠤ ᠲᠠᠯᠪᠢᠬᠤ ᠳᠠᠭᠠᠨ ︽ᠶᠠᠮᠠᠷ ᠪᠤᠶᠠᠨᠲᠤ ᠥᠬᠢᠨ ᠪᠤᠢ︕ ᠴᠢ᠃ ᠮᠥᠨ ᠠᠯᠲᠠᠩᠬᠸ᠎ᠠ | ᠴᠡᠴᠡᠭ ᠰᠢᠤ ᠭᠡᠷᠡᠯᠲᠡᠢ ᠶᠠᠪᠤᠨ᠎ᠠ ᠠ᠋︾ ᠭᠡᠵᠦ ᠰᠢᠪᠡᠨᠡᠭᠰᠡᠨ ᠭᠡᠰᠡᠨ᠃ | ᠮᠠᠯᠴᠢᠨ ᠬᠥᠮᠥᠨ ᠤ ᠵᠢᠷᠭᠠᠯ ᠭᠡᠵᠦ ᠡᠪᠡᠰᠦᠨ ᠤ ᠦᠨᠦᠷ ᠠᠩᠬᠢᠯᠤᠮ᠎ᠠ ᠵᠠᠳᠠᠷᠠᠬᠤ ᠡᠭᠡᠷᠡᠮ᠎ᠡ ᠬᠥᠳᠡᠭᠡ ᠶᠢᠨ | ᠡᠯᠢᠭᠡᠨ ᠳᠤ ᠪᠠᠶᠢᠳᠠᠭ᠃ ᠪᠠᠶᠢᠭᠠᠯᠢ ᠬᠤᠷᠸ᠎ᠠ ᠶᠢᠨ ᠦᠵᠡᠰᠬᠦᠯᠡᠩ ᠲᠠᠩᠰᠤᠭ ᠢ ᠭᠠᠶᠢᠬᠠᠭᠤᠯᠤᠭᠰᠠᠨ ᠵᠡᠷᠭᠡᠯᠭᠡᠨᠲᠦ | ᠭᠤᠪᠢ ᠮᠠᠩᠬ᠎ᠠ᠂ ᠬᠤᠯᠪᠤᠭ᠎ᠠ ᠠᠭᠤᠯᠠ ᠶᠢᠨ ᠬᠤᠯᠨ ᠶᠢᠨ ᠪᠠᠷ᠎ᠠ ᠵᠦᠮᠪᠦᠷᠢᠳᠡᠭᠡᠳ ᠠᠭᠤᠵᠢᠮ ᠠᠴᠠ ᠠᠭᠤᠵᠢᠮ | ᠰᠠᠴᠢ ᠶᠢᠨ ᠲᠠᠯ᠎ᠠ ᠪᠠᠨ ᠤᠯᠠᠮ ᠠᠩᠬᠢᠯᠤᠮ᠎ᠠ ᠰᠠᠶᠢᠬᠠᠨ ᠪᠠᠳᠠᠷᠠᠭᠠᠭᠰᠠᠨ ᠠᠯᠲᠠᠩᠬᠸ᠎ᠠ ᠴᠡᠴᠡᠭ ᠤᠨ ᠳᠤᠮᠳᠠᠭᠤᠷ | ᠬᠦᠳᠡᠯᠮᠦᠷᠢᠴᠢ ᠬᠥᠮᠥᠨ ᠤ ᠪᠠᠭ᠋ᠠᠷᠬᠠᠯ ᠪᠣᠯᠤᠭᠰᠠᠨ ᠤᠯᠠᠨ ᠰᠠᠶᠢᠬᠠᠨ ᠬᠤᠨᠢᠳ ᠢᠶᠠᠨ ᠬᠠᠷᠢᠭᠤᠨ ᠶᠠᠪᠤᠨ᠎ᠠ ᠡᠵᠢ᠃ | ᠬᠤᠨᠢᠳ ᠭᠡᠬᠦ ᠠᠴᠠ ᠳ᠋ᠧ᠂ ᠪᠠᠶᠠᠨᠰᠢᠯᠢ ᠲᠠᠭᠠᠵᠦ ᠪᠡᠯᠴᠢᠭᠰᠡᠨ ᠵᠡᠭᠡᠷ᠎ᠡ ᠭᠤᠷ᠎ᠠ ᠴᠦ ᠢᠳᠡᠰᠢᠯᠡᠭᠰᠡᠭᠡᠷ ᠲᠡᠳᠡᠭᠡᠷ ᠬᠤᠨᠢᠨ | ᠰᠦᠷᠦᠭ ᠲᠠᠢ ᠨᠡᠶᠢᠯᠡᠨ᠂ ᠰᠠᠷᠠᠭᠤᠯ ᠭᠠᠩᠭᠠᠨ ᠰᠠᠴᠢ ᠶᠢᠨ ᠲᠠᠯ᠎ᠠ ᠳᠤ ᠬᠤᠨᠢ᠂ ᠵᠡᠭᠡᠷ᠎ᠡ ᠠᠯᠢ ᠶᠢ ᠨᠢ ᠬᠠᠷᠢᠭᠤᠯᠵᠤ | ᠪᠠᠶᠢᠬᠤ ᠪᠠᠨ ᠦᠯᠦ ᠮᠡᠳᠡᠨ᠎ᠡ᠃ ᠠᠰᠤᠷᠤ ᠲᠣᠮᠣ ᠬᠤᠨᠢ ᠵᠡᠭᠡᠷ᠎ᠡ ᠶᠢᠨ ᠰᠦᠷᠦᠭ ᠰᠢᠮ᠎ᠡ ᠰᠢᠭᠦᠰᠦᠲᠦ ᠪᠡᠯᠴᠢᠭᠡᠷ | ᠲᠠᠭᠠᠵᠦ ᠠᠬᠢᠭᠠᠳ ᠯᠨ ᠪᠠᠶᠠᠨᠰᠢᠯᠢ ᠵᠦᠭ ᠡᠭᠦᠯᠡ ᠰᠢᠭ ᠨᠡᠭᠦᠭᠡᠳ ᠯᠡ᠃ ᠰᠠᠴᠢ ᠶᠢᠨ ᠲᠠᠯ᠎ᠠ ᠠᠴᠠ ᠪᠠᠭ᠎ᠠ | ᠪᠠᠷᠠᠭᠤᠨ ᠬᠤᠶᠢᠰᠢ ᠠᠭᠲᠠ ᠶᠢᠨ ᠬᠤᠸᠠ ᠶᠢᠨ ᠣᠷᠣᠢ ᠨᠠᠮᠬᠠᠨ ᠰᠤᠨᠢᠶᠠᠵᠤ᠂ ᠬᠦᠯᠦᠭ ᠮᠣᠷᠢᠳ ᠤᠨ ᠲᠤᠭᠤᠷᠠᠢ ᠶᠢᠨ | ᠡᠭᠡᠰᠢᠭᠯᠡᠩᠳᠤ ᠠᠶᠠᠯᠭᠤ ᠲᠤᠤᠨᠢᠨᠠ᠃ ᠲᠡᠨᠳᠡ ᠵᠡᠷᠭᠡᠯᠡᠳᠡᠭᠡ ᠬᠤᠳᠠ ᠶᠢᠨ ᠠᠪᠠᠭ᠎ᠠ ᠮᠢᠨᠢ ᠰᠠᠰᠧᠷ ᠪᠠᠶᠠᠨ ᠤ ᠮᠢᠩᠭᠠᠨ | ᠠᠳᠤᠭᠤ ᠶᠢ ᠠᠳᠤᠭᠤᠯᠤᠨ ᠢᠰᠬᠡᠷᠴᠢᠬᠡᠭᠰᠡᠨ ᠵᠢᠪᠬᠤᠭ᠎ᠠ ᠵᠣᠯᠪᠣᠭᠠᠲᠠᠢ ᠠᠯᠤᠰ ᠢ ᠳᠤᠷᠠᠨᠳᠠᠨᠠ᠃ ᠲᠡᠭᠦᠨ ᠤ ᠭᠠᠭᠴᠠ | ᠨᠢᠳᠦᠨ ᠲᠤᠷᠠᠨ ᠤ ᠬᠠᠷᠠᠭᠠᠨ ᠳᠤ ᠵᠢᠷᠦᠬᠡ ᠬᠠᠪᠲᠠᠭᠠᠢ ᠶᠢᠨ ᠲᠡᠨᠳᠡ ᠠᠴᠠ ᠰᠡᠭᠦᠳᠡᠷ ᠠᠴᠠ ᠪᠠᠨ ᠨᠠᠳᠬᠤᠨ᠂ | ᠰᠡᠬᠦᠯ ᠢᠶᠠᠷ ᠢᠶᠠᠨ ᠨᠠᠭᠠᠳᠤᠭᠰᠠᠭᠠᠷ ᠵᠢᠭᠦᠷ ᠲᠠᠢ ᠬᠤᠶᠠᠷ ᠰᠢᠪᠠᠭᠤᠨ ᠰᠡᠷᠡᠯ ᠵᠢᠭᠠᠰᠤᠲᠠᠢ ᠨᠠᠭᠤᠷ ᠲᠤ ᠢᠷᠡᠵᠦ | ᠤᠮᠳᠠᠯᠠᠬᠤ ᠭᠠᠶᠢᠬᠠᠮᠰᠢᠭᠲᠤ ᠦᠵᠡᠭᠳᠡᠯ ᠲᠣᠳᠣᠷᠠᠨ᠎ᠠ᠃ ᠡᠨᠡᠬᠦ ᠰᠣᠨᠢᠨ ᠭᠠᠩᠭᠠᠩ ᠵᠢᠭᠦᠷ ᠲᠠᠢ ᠬᠤᠶᠠᠷ ᠰᠢᠪᠠᠭᠤᠨ | ᠰᠡᠷᠡᠯ ᠲᠡᠭᠷᠢ ᠠᠭᠤᠯᠠ ᠶᠢᠨ ᠣᠷᠣᠢ ᠳᠡᠭᠡᠷ᠎ᠡ ᠰᠠᠭᠤᠷᠢᠰᠢᠭ᠎ᠠ ᠡᠯᠳᠡᠪ ᠵᠠᠬᠢᠷᠤᠭᠴᠢ ᠶᠢᠨ ᠬᠠᠶᠢᠷᠠᠲᠠᠢ ᠮᠣᠷᠢ ᠪᠤᠯᠬᠤ | ᠪᠥᠭᠡᠳ ᠳᠠᠩᠳᠠ ᠯᠨ ᠰᠠᠰᠧᠷ ᠪᠠᠶᠠᠨ ᠤ ᠮᠢᠩᠭᠠᠨ ᠠᠳᠤᠭᠤ ᠲᠠᠢ ᠢᠵᠢᠯᠳᠡᠨ ᠠᠭᠲᠠ ᠶᠢᠨ ᠬᠤᠸᠠ ᠶᠢᠨ ᠣᠷᠣᠢ ᠪᠠᠷ | ᠪᠡᠯᠴᠢᠨ ᠪᠠᠶᠢᠳᠠᠭ ᠪᠦᠯᠦᠭᠡ᠃ ᠴᠢᠩᠭᠢᠬᠦᠯᠡᠷ ᠠᠳᠤᠭᠤᠴᠢᠨ ᠬᠥᠮᠥᠨ ᠰᠠᠶᠢᠬᠠᠨ ᠮᠣᠷᠢᠳ ᠰᠠᠶᠢᠨ ᠠᠳᠤᠭᠤ ᠶᠢ | ᠠᠳᠤᠭᠤᠯᠤᠨ ᠶᠠᠪᠤᠬᠤ ᠠᠴᠠ ᠢᠯᠡᠭᠦᠦ ᠵᠢᠷᠭᠠᠯ ᠬᠠᠮᠢᠭ᠎ᠠ ᠪᠠᠶᠢᠬᠤ ᠪᠢᠯᠡ︕ ᠬᠡᠳᠦᠶᠢᠪᠡᠷ ᠥᠪᠡᠷ ᠤᠨ ᠬᠢᠨᠢ ᠪᠢᠰᠢ ᠴᠦ | ᠭᠡᠰᠡᠨ ᠮᠠᠯᠴᠢᠨ ᠬᠥᠮᠥᠨ ᠪᠣᠯᠬᠤᠷ ᠨᠤᠲᠤᠭ ᠤᠨ ᠢᠶᠠᠨ ᠪᠠᠶᠠᠨ ᠪᠤᠶᠠᠨ ᠢ ᠭᠠᠶᠢᠬᠠᠭᠤᠯᠤᠭᠰᠠᠨ ᠮᠠᠯ ᠠᠬᠤᠢ ᠳᠤ | ᠬᠠᠶᠢᠷᠠᠲᠠᠢ ᠰᠡᠳᠬᠢᠯ ᠳᠡᠭᠡᠨ ᠡᠨᠡᠬᠦ ᠥᠨᠢᠷ ᠲᠠᠩᠰᠤᠭ ᠪᠦᠬᠦᠨ ᠢ ᠪᠠᠭ᠋ᠠᠷᠬᠠᠬᠤ ᠦᠭᠡᠢ ᠪᠠᠶᠢᠬᠤ ᠶᠢᠨ ᠠᠷᠭ᠎ᠠ ᠦᠭᠡᠢ | ᠰᠠᠨ︕ ᠲᠡᠶᠢᠮᠤ ᠠ᠋︕ ᠠᠮᠢᠳᠤᠷᠠᠯ ᠤᠨ ᠤᠳᠬ᠎ᠠ ᠴᠢᠨᠠᠷ ᠢ ᠪᠠᠳᠠᠷᠠᠭᠠᠭᠰᠠᠨ ᠦᠯᠡᠮᠵᠢ ᠶᠢᠨ ᠲᠡᠭᠦᠯᠳᠡᠷ | ᠠᠭᠲᠠ ᠶᠢᠨ ᠬᠤᠸᠠ ᠶᠢᠨ ᠣᠷᠣᠢ ᠳᠡᠭᠡᠷ᠎ᠡ ᠠᠴᠠ ᠨᠠᠷᠠᠨ ᠤ ᠳᠣᠣᠷ᠎ᠠ᠂ ᠨᠠᠷᠠᠨ ᠤ ᠲᠤᠶᠠᠭ᠎ᠠ ᠰᠢᠭ᠋ ᠠᠯᠲᠠᠷᠬᠠᠤ | ᠰᠠᠴᠢ ᠶᠢᠨ ᠲᠠᠯ᠎ᠠ ᠶᠢᠨ ᠠᠯᠲᠠᠩᠬᠸ᠎ᠠ ᠴᠡᠴᠡᠭ᠂ ᠠᠯᠲᠠᠩᠬᠸ᠎ᠠ ᠴᠡᠴᠡᠭ ᠰᠢᠤ ᠭᠤᠶᠣᠬᠠᠨ ᠥᠬᠢᠨ ᠤ ᠤᠷᠳᠤ ᠬᠠᠷ᠎ᠠ | ᠬᠡᠵᠢᠬᠡ ᠶᠢᠨ ᠨᠠᠮᠢᠷᠠᠭᠠᠨ ᠢ ᠨᠡᠩ ᠢᠯᠡᠭᠦᠦ ᠳᠤᠷᠠᠨᠳᠠᠬᠤ ᠳᠤᠷᠠᠲᠠᠢ᠃ ᠲᠡᠭᠦᠨ ᠤ ᠠᠯᠲᠠᠩᠬᠸ᠎ᠠ ᠴᠡᠴᠡᠭ ᠢᠶᠠᠷ ᠬᠤᠴᠢᠵᠤ | ᠰᠠᠴᠢ ᠶᠢᠨ ᠲᠠᠯ᠎ᠠ ᠠᠴᠠ ᠲᠡᠪᠡᠷᠢᠵᠦ ᠢᠷᠡᠬᠦ ᠠᠴᠠ ᠠᠪᠤᠭᠠᠳ ᠠᠷᠪᠠᠨ ᠭᠤᠷᠪᠠᠨ ᠵᠢᠯ ᠤᠨ ᠲᠤᠷᠰᠢᠲᠠ ᠡᠪᠦᠳᠦᠭ | ᠳᠡᠭᠡᠷ᠎ᠡ ᠪᠠᠨ ᠰᠠᠭᠤᠯᠭᠠᠵᠤ᠂ ᠤᠢ ᠶᠢᠨ ᠬᠤᠷᠢᠮ ᠢ ᠬᠥᠭᠵᠢᠭᠡᠨ ᠤᠷᠳᠤ ᠶᠢᠨ ᠳᠠᠭᠤᠤ ᠡᠬᠡᠰᠢᠭ ᠠᠶᠠᠯᠭᠤ ᠪᠠᠷ ᠢᠶᠠᠨ | ᠪᠠᠶᠢᠭᠠᠯᠢ ᠳᠡᠯᠡᠬᠡᠢ᠂ ᠬᠥᠮᠥᠨ ᠠᠷᠠᠳ ᠢᠶᠠᠨ ᠤᠬᠠᠭᠠᠷᠠᠭᠤᠯᠤᠨ ᠤᠶᠠᠷᠠᠭᠤᠯᠵᠤ ᠬᠠᠶᠢᠷᠠᠬᠠᠨ ᠪᠠᠭ᠎ᠠ ᠥᠬᠢᠨ ᠢᠶᠠᠨ | ᠬᠠᠶᠢᠷᠠᠯᠠᠨ ᠰᠠᠨᠠᠵᠤ ᠶᠠᠪᠤᠭᠰᠠᠨ ᠪᠣᠯᠬᠤᠷ ᠡᠴᠢᠭᠡ ᠬᠥᠮᠥᠨ ᠤ ᠬᠠᠶᠢᠷ᠎ᠠ ᠪᠠᠷ ᠡᠩᠬᠦᠷᠡᠶᠢᠯᠡᠬᠦ ᠦᠭᠡᠢ ᠪᠠᠶᠢᠵᠤ ᠴᠢᠳᠠᠬᠤ | ᠦᠭᠡᠢ᠃ ︽ᠥᠬᠢᠨ ᠬᠥᠮᠥᠨ ᠨᠤᠲᠤᠭ ᠤᠨ ᠴᠢᠮᠡᠭ ᠶᠤᠮ ᠠ᠋︾ ᠭᠡᠵᠦ ᠶᠠᠷᠢᠬᠤ ᠦᠭᠡᠢ ᠪᠠᠶᠢᠬᠤ ᠶᠢᠨ ᠠᠷᠭ᠎ᠠ ᠦᠭᠡᠢ | ᠰᠠᠨ᠃ ᠲᠡᠭᠷᠢ ᠶᠢᠨ ᠬᠢᠵᠠᠭᠠᠷ ᠭᠠᠵᠠᠷ ᠤᠨ ᠬᠢᠯᠢ ᠠᠭᠤᠰᠤᠯᠳᠠᠭᠰᠠᠨ ᠭᠡᠮᠡᠷ ᠥᠷᠭᠡᠨ ᠠᠭᠤᠳᠠᠮ ᠨᠤᠲᠤᠭ | ᠰᠢᠭ᠋ ᠢᠶᠠᠨ ᠬᠥᠮᠥᠨ ᠠᠷᠠᠳ ᠨᠢ ᠴᠤ ᠤᠬᠠᠭ᠎ᠠ ᠲᠡᠨᠢᠭᠦᠨ ᠪᠤᠳᠤᠯ ᠭᠦᠨ ᠪᠠᠶᠢᠳᠠᠭ᠃ ᠨᠡᠩ ᠴᠤ ᠨᠤᠲᠤᠭ ᠨᠢ | ᠭᠠᠩᠭᠠᠩ ᠪᠣᠯᠬᠤᠷ ᠥᠬᠢᠳ ᠬᠥᠪᠡᠭᠦᠳ ᠨᠢ ᠬᠥᠭᠡᠷᠦᠬᠦᠨ ᠳᠡᠭᠵᠢᠨ ᠪᠠᠶᠢᠳᠠᠭ ᠠᠵᠢ᠃ ᠠᠵᠢᠯᠴᠢ ᠬᠦᠳᠡᠯᠮᠤᠷᠢᠴᠢ᠂ | ᠲᠤᠰᠠᠮᠠᠷᠴᠢ ᠪᠠᠭ᠎ᠠ ᠨᠠᠰᠤᠨ ᠤ ᠠᠯᠳᠠᠩᠬᠤᠸ᠎ᠠ ᠪᠠᠨ ᠠᠶᠢᠯ ᠭᠤᠣᠯ ᠢᠶᠠᠷ ᠢᠶᠠᠨ ᠪᠠᠭ᠋ᠠᠷᠬᠠᠨ ᠬᠠᠶᠢᠷᠠᠯᠠᠳᠠᠭ᠃ ᠬᠥᠮᠥᠨ | ᠬᠥᠮᠥᠨ ᠤ ᠪᠠᠨ ᠬᠠᠶᠢᠷᠠᠨ ᠳᠤ ᠬᠥᠮᠥᠵᠢᠵᠦ᠂ ᠶᠢᠷᠲᠢᠨᠴᠦ ᠶᠢᠨ ᠬᠡᠬᠡᠨ ᠰᠠᠷᠠᠭᠤᠯ ᠢ ᠬᠦᠰᠡᠨ ᠮᠥᠷᠥᠭᠡᠳᠴᠦ ᠶᠠᠪᠤᠳᠠᠭ | ᠰᠠᠶᠢᠬᠠᠨ ᠠ᠋᠃ ᠠᠳᠤᠭᠤᠴᠢᠨ ᠠᠪᠠᠭ᠎ᠠ ᠨᠢ ᠥᠨᠥᠳᠥᠷ ︽ᠡᠨᠡ ᠮᠠᠭᠤ ᠰᠢᠷ᠎ᠠ ᠥᠬᠢᠨ ᠬᠠᠷᠠᠵᠤ ᠮᠡᠳᠡᠬᠦ ᠶᠢᠨ ᠵᠠᠪ | ᠦᠭᠡᠢ ᠰᠤᠭᠤ ᠥᠰᠦᠯ᠎ᠡ ᠰᠢᠤ᠃ ᠪᠠᠷᠤᠭ ᠮᠢᠨᠤ ᠬᠢᠷᠢ ᠥᠨᠳᠥᠷ ᠪᠣᠯᠴᠢᠬᠠᠬᠤ ᠠᠶᠠᠳᠠᠯ᠎ᠠ︾ ᠭᠡᠳ ᠥᠨᠳᠥᠷ ᠬᠡᠭᠡᠷ | ᠮᠣᠷᠢᠨ ᠳᠡᠭᠡᠷ᠎ᠡ ᠪᠠᠨ ᠪᠦᠰᠡᠲᠡᠢ ᠬᠡᠦᠬᠡᠳ ᠰᠢᠭ ᠳᠡᠭᠵᠢᠨ ᠶᠠᠪᠤᠭ᠎ᠠ ᠶᠢ ᠬᠠᠷᠠᠭᠠᠳ ︽ᠬᠡᠦᠬᠡᠳ ᠥᠰᠴᠦ ᠡᠪᠦᠭᠡᠳ | ᠠᠪᠴᠢᠨ᠎ᠠ ᠬᠡᠳᠡᠭ ᠪᠣᠯᠵᠤ ᠳ᠋ᠧ︾ ᠬᠡᠮᠡᠨ ᠳᠦᠳᠦᠨᠡᠨ᠎ᠡ᠃ ᠨᠢᠭᠡ ᠡᠳᠦᠷ ︽ᠠᠯᠲᠠᠩᠬᠸ᠎ᠠ ᠶᠢ ᠪᠡᠶ᠎ᠡ ᠲᠡᠩᠬᠡᠭᠡ ᠲᠠᠢ | ᠳᠡᠭᠡᠷ᠎ᠡ ᠪᠠᠨ ᠬᠥᠮᠥᠨ ᠲᠦᠰᠢᠭᠦᠯᠦᠶᠡ︕︾ ᠭᠡᠵᠦ ᠥᠲᠡᠯᠦᠭᠡᠳ ᠪᠡᠶ᠎ᠡ ᠪᠠᠷᠤᠭᠲᠠᠢ ᠪᠣᠯᠤᠭᠰᠠᠨ ᠡᠵᠢ ᠨᠢ ᠶᠠᠷᠢᠯ᠎ᠠ᠃ | ᠢᠱᠢ ᠬᠥᠭᠡᠷᠦᠬᠦᠢ ᠥᠬᠢᠨ ᠬᠥᠮᠥᠨ ᠤ ᠵᠠᠶᠠᠭ᠎ᠠ ᠬᠥᠮᠥᠨ ᠤ ᠡᠭᠦᠳᠡᠨ ᠳᠤ ᠠᠵᠢ᠃ ᠬᠥᠮᠥᠰ ᠶᠡᠷᠦᠨᠢ ᠥᠬᠢᠨ | ᠬᠥᠮᠥᠨ ᠢ ︽ᠬᠠᠷᠢ ᠶᠢᠨ ᠬᠠᠳᠠᠭᠠᠰᠤ ᠬᠠᠨᠴᠤᠢ ᠶᠢᠨ ᠨᠥᠬᠦᠭᠡᠰᠦ ᠭᠡᠵᠦ ᠬᠡᠯᠡᠳᠡᠭ ᠪᠢᠯᠡ︕︾ ᠭᠡᠵᠦ ᠳᠦᠳᠦᠨᠡᠨ ᠰᠡᠮ | ᠰᠡᠭᠦᠷᠡᠰᠦᠯᠡᠪᠡ᠃ ᠡᠨᠡᠬᠦ ᠥᠷᠥ ᠬᠠᠶᠢᠷ᠎ᠠ ᠶᠢᠨ ᠰᠡᠭᠦᠷᠡᠰᠦᠨ ᠳᠤ ᠡᠭᠦᠯᠡᠨ ᠲᠣᠯᠣᠭᠠᠢ ᠳᠣᠭᠤᠭᠰᠢᠯᠠᠵᠤ ᠮᠠᠷ ᠮᠠᠷ | ᠰᠠᠯᠬᠢᠯᠠᠭᠰᠠᠨ ᠢᠶᠠᠨ ᠮᠦᠬᠦᠨ ᠪᠣᠷᠣᠭᠠᠨ ᠰᠡᠮᠡᠷᠡᠵᠡᠢ᠃ ᠬᠥᠮᠥᠨ ᠪᠠᠶᠢᠭᠠᠯᠢ ᠶᠢᠨ ᠬᠦᠢ ᠲᠣᠭᠲᠠᠯᠴᠠᠭ᠎ᠠ ᠭᠡᠳᠡᠭ | ᠡᠶᠢᠮᠦᠬᠡᠨ ᠪᠤᠯᠤᠯᠳᠠᠢ᠃ ᠬᠠᠪᠢᠷᠠᠭ᠎ᠠ ᠬᠤᠸᠠ ᠶᠢᠨ ᠬᠤᠪᠬᠢ ᠪᠦᠬᠦᠨ ᠢ ᠨᠡᠪᠲᠡ ᠭᠡᠷᠡᠯᠳᠦᠬᠦᠯᠦᠨ ᠰᠠᠴᠤᠷᠠᠭᠰᠠᠨ ᠭᠡᠷᠡᠯ | ᠠᠭᠠᠵᠢᠮ ᠢᠶᠠᠷ ᠲᠤᠨᠤᠭᠰᠡᠨ ᠢᠶᠠᠨ ᠨᠠᠮᠤᠷ ᠤᠨ ᠰᠡᠭᠦᠯᠴᠢ ᠶᠢᠨ ᠮᠦᠬᠦᠨ ᠪᠣᠷᠣᠭᠠᠨ ᠵᠢᠭᠠᠰᠤᠲᠠᠢ ᠨᠠᠭᠤᠷ ᠪᠢᠳᠠ | ᠬᠤᠶᠠᠷ ᠢ ᠰᠢᠪᠰᠢᠨ ᠱᠠᠭᠢᠯᠠ᠃ ᠶᠠᠭ ᠯᠨ ᠡᠵᠢ ᠶᠢᠨ ᠮᠢᠨᠢ ᠨᠢᠭᠤᠵᠤ ᠣᠬᠢᠯᠠᠭᠰᠠᠨ ᠨᠢᠯᠪᠤᠰᠤ ᠰᠢᠰᠢ᠊ᠭ᠋ ᠰᠢᠭ | ᠪᠤᠳᠤᠯ ᠢ ᠬᠦᠨᠳᠡᠨ ᠨᠠᠷᠢᠨ ᠨᠠᠷᠢᠨ ᠪᠣᠷᠣᠭᠠᠨ ᠵᠦᠰᠡᠷᠡᠨ᠎ᠡ᠃ ᠪᠠᠰᠠ ᠵᠢᠭᠠᠰᠤᠲᠠᠢ ᠨᠠᠭᠤᠷ ᠤᠨ ᠤᠰᠤ ᠶᠢ ᠲᠣᠪᠰᠢᠨ | ᠪᠠᠭᠤᠬᠤ ᠪᠣᠷᠣᠭᠠᠨ ᠤ ᠲᠠᠭᠤᠨ ᠬᠤᠶᠠᠭ ᠡᠮᠦᠰᠬᠡᠯ ᠢᠶᠠᠨ ᠬᠡᠲᠦᠷᠡᠭᠰᠡᠨ ᠪᠦᠭᠡᠳᠡᠨ ᠡᠪᠦᠸ᠋ ᠶᠢᠨ ᠪᠦᠢᠪᠦᠷ ᠢᠶᠠᠷ ᠢᠶᠠᠨ | ᠬᠢᠴᠡ ᠪᠠᠨ ᠳᠡᠯᠡᠳᠴᠦ ᠪᠦᠭᠡᠯᠡᠨ ᠪᠥᠵᠢᠭᠯᠡᠭᠡ ᠲᠠᠭᠤᠨ ᠮᠡᠲᠦ᠃ ᠬᠥᠮᠥᠨ ᠤ ᠤᠬᠠᠭᠠᠨ ᠬᠠᠶᠢᠷ᠎ᠠ᠂ ᠬᠦᠰᠡᠯ | ᠮᠥᠷᠥᠭᠡᠳᠦᠯ᠂ ᠤᠶᠤᠨ ᠰᠦᠨᠡᠰᠦ ᠶᠢ ᠳᠠᠯᠠᠯᠤᠨ ᠲᠠᠯᠠᠯᠤᠬᠤ ᠮᠡᠲᠦ ᠨᠠᠮᠤᠷ ᠤᠨ ᠰᠠᠯᠬᠢᠨ ᠤ ᠤᠶᠠᠩᠭ᠎ᠠ ᠳᠦᠷᠢᠯᠡᠭᠡ᠂ | ᠡᠵᠢ ᠶᠢ ᠮᠢᠨᠢ ᠦᠷ᠎ᠡ ᠪᠠᠨ ᠰᠢᠭ ᠬᠠᠶᠢᠷᠠᠯᠠᠭᠰᠠᠨ ᠠᠳᠤᠭᠤᠴᠢᠨ ᠤ ᠣᠮᠣᠭᠯᠠᠩ ᠢᠰᠬᠡᠷᠦᠯ᠂ ᠠᠭᠲᠠ ᠶᠢᠨ ᠬᠤᠸᠠ ᠶᠢᠨ | ᠨᠠᠮᠬᠠᠨ ᠣᠷᠣᠢ ᠪᠠᠨ ᠪᠦᠷᠬᠦᠭᠰᠡᠨ ᠮᠢᠩᠭᠠᠨ ᠠᠳᠤᠭᠤᠨ ᠤ ᠦᠦᠷᠰᠡᠯᠲᠡ ᠢᠨᠴᠠᠭᠠᠯᠳᠤᠨ ᠴᠤᠪᠬᠤᠴᠡᠨ ᠲᠦᠷᠬᠢᠯᠳᠦᠬᠦ | ᠴᠢᠮᠡᠭᠡ ᠲᠠᠢ ᠬᠦᠭ ᠨᠡᠶᠢᠯᠡᠨ ᠠᠶᠠᠰᠠᠷᠠᠵᠦ ᠮᠥᠷᠥᠭᠡᠳᠦᠯ ᠤᠨ ᠭᠦᠨ ᠵᠦᠭ ᠲᠤᠮᠤᠭ ᠦᠨᠡᠨ ᠢ ᠤᠴᠢᠷᠯᠠᠨ ᠤᠴᠢᠷᠯᠠᠬᠤ | ᠮᠡᠲᠦ᠃ | ᠵᠡᠷᠭᠡᠯᠭᠡᠨ ᠲᠦᠬᠦᠯᠵᠢᠭᠰᠡᠨ ᠰᠢᠷᠭᠠᠯ ᠰᠠᠯᠬᠢ ᠡᠪᠡᠰᠦᠨ ᠲᠣᠯᠣᠭᠠᠢ ᠳᠡᠭᠡᠭᠦᠷ ᠠᠩᠬᠢᠯᠤᠮ᠎ᠠ ᠲᠤᠨᠤᠯᠵᠠᠭᠠᠳ | ᠰᠠᠴᠢ ᠶᠢᠨ ᠲᠠᠯ᠎ᠠ ᠠᠴᠠ ᠡᠭᠦᠷ ᠡᠭᠦᠷ ᠥᠨᠳᠡᠭᠡ ᠲᠡᠭᠳᠡᠭᠡᠢ ᠪᠠᠨ ᠳᠠᠭᠠᠭᠤᠯᠤᠨ ᠭᠠᠯᠠᠭᠤ ᠰᠢᠪᠠᠭᠤᠳ ᠮᠣᠳᠣᠲᠤ | ᠬᠤᠸᠠ ᠶᠢᠨ ᠣᠷᠣᠢ ᠵᠦᠭ ᠴᠥᠷᠬᠡᠯᠡᠯᠡ᠃ ᠤᠷᠳᠤ ᠤᠳᠠᠭᠠᠨ ᠣᠨ ᠵᠢᠯ ᠤᠳ ᠤᠨ ᠨᠠᠷᠠᠨ ᠰᠠᠷᠠᠨ ᠤ ᠭᠡᠷᠡᠯ ᠢ | ᠰᠢᠩᠭᠡᠭᠡᠵᠦ ᠨᠤᠲᠤᠭ ᠢᠶᠠᠨ ᠰᠠᠬᠢᠭ᠍ᠰᠡᠨ ᠬᠥᠬᠡ ᠴᠢᠯᠠᠭᠤ - ᠡᠵᠢ ᠶᠢᠨ ᠮᠢᠨᠢ ᠬᠦᠢ ᠶᠢ ᠳᠠᠷᠤᠭᠰᠠᠨ ᠬᠥᠬᠡ | ᠴᠢᠯᠠᠭᠤᠨ ᠠᠴᠠ ᠡᠵᠢ ᠶᠢᠨ ᠨᠢᠯᠬ᠎ᠠ ᠶᠢᠨ ᠦᠨᠦᠷ᠂ ᠨᠢᠯᠬ᠎ᠠ ᠶᠢᠨ ᠲᠠᠭᠤᠨ᠂ ᠢᠨᠢᠶᠡᠵᠦ ᠲᠣᠭᠯᠠᠵᠤ ᠶᠠᠪᠤᠭᠰᠠᠨ ᠪᠠᠭ᠎ᠠ | ᠨᠠᠰᠤᠨ ᠤ ᠬᠢᠨᠢ ᠪᠠᠶᠠᠷ ᠵᠢᠷᠭᠠᠯ ᠤᠨ ᠪᠦᠯᠢᠶᠡᠨ ᠠᠮᠢᠰᠬᠤᠭ᠎ᠠ ᠳᠠᠷᠭᠢᠯᠤᠨᠠ᠃ ᠪᠠᠰᠠ ᠡᠨᠡ ᠨᠤᠲᠤᠭ ᠤᠨ ᠬᠥᠮᠥᠨ | ᠵᠤᠨ ᠤ ᠭᠤᠯᠣᠮᠲᠠ ᠪᠠᠨ ᠪᠠᠳᠠᠷᠠᠭᠠᠭᠰᠠᠨ ᠠᠩᠬᠢᠯᠤᠭᠤᠨ ᠠᠮᠢᠳᠤᠷᠠᠯ ᠤᠨ ᠭᠡᠷᠡᠯ ᠭᠡᠭᠡ ᠰᠠᠴᠤᠷᠠᠨ ᠰᠠᠴᠤᠷᠠᠨ᠎ᠠ᠃ | ︽ᠲᠠᠪᠤ ᠶᠢᠰᠦ ᠳᠤ ᠬᠠᠯᠢᠶ᠎ᠠ ᠢᠷᠡᠵᠦ᠂ ᠵᠢᠷᠭᠤᠭ᠎ᠠ ᠶᠢᠰᠦ ᠳᠤ ᠰᠢᠪᠠᠭᠤᠳ ᠢᠷᠡᠨ᠎ᠡ︾ ᠬᠡᠮᠡᠨ ᠡᠪᠦᠭᠡᠳ | ᠬᠠᠭᠤᠴᠢᠯᠠᠳᠠᠭ ᠦᠨᠡᠨ ᠪᠠᠶᠢᠵᠤ ᠳ᠋ᠧ᠃ ᠡᠵᠢ ᠶᠢᠨ ᠭᠠᠩᠭᠠᠩ ᠰᠠᠶᠢᠬᠠᠨ ᠨᠤᠲᠤᠭ ᠤᠨ ᠨᠢᠭᠡᠨ ᠲᠤᠩᠭᠠᠯᠠᠭ ᠦᠷ ᠢᠶᠠᠷ | ᠤᠯᠠᠨ ᠰᠢᠪᠠᠭᠤᠳ ᠴᠡᠩᠬᠡᠷ ᠲᠡᠭᠷᠢ ᠶᠢᠨ ᠳᠣᠣᠭᠤᠷ ᠳᠠᠭᠤᠯᠠᠯᠳᠤᠭᠰᠠᠭᠠᠷ ᠨᠢᠰᠴᠦ ᠢᠷᠡᠨᠡᠮ᠃ ᠠ ᠳ᠋ᠠ᠂ ᠬᠠᠷᠠᠭᠠᠴᠢ︕ | ᠲᠡᠷᠨ ᠢᠷᠡᠬᠦ ᠤᠯᠠᠨ ᠰᠢᠪᠠᠭᠤᠳ ᠲᠠᠢ ᠬᠠᠮᠲᠤ ᠵᠢᠭᠦᠷ ᠲᠠᠢ ᠬᠤᠶᠠᠷ ᠰᠢᠪᠠᠭᠤᠨ ᠰᠡᠷᠡᠯ ᠢ ᠬᠦᠯᠦᠭᠯᠡᠭᠡᠳ ᠡᠵᠢ ᠮᠢᠨᠢ | ᠴᠦ ᠰᠠᠯᠤᠭᠠᠳ ᠤᠳᠠᠭᠰᠠᠨ ᠨᠤᠲᠤᠭ ᠢᠶᠠᠨ ᠵᠣᠷᠢᠨ ᠢᠷᠡᠨᠡᠮ᠂ ᠢᠷᠡᠨᠡᠮ᠃ |