︽ᠮᠣᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ︾ ᠬᠤᠯᠪᠤᠭᠠᠲᠤ ᠣᠷᠣᠯᠳᠣᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ ᠶᠠᠪᠤᠭᠳᠠᠪᠠ
ᠨᠡᠶᠢᠲᠡᠯᠡᠭᠰᠡᠨ ᠴᠠᠭ᠄
2023/12/28
  ︽ᠮᠣᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ︾ ᠬᠤᠯᠪᠤᠭᠠᠲᠤ ᠣᠷᠣᠯᠳᠣᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ ᠶᠠᠪᠤᠭᠳᠠᠪᠠ      12 ᠰᠠᠷ᠎ᠠ  ᠶᠢᠨ 26 ᠤ ᠡᠳᠦᠷ᠂ ᠠᠩᠬᠠᠳᠣᠭᠠᠷ ᠬᠤᠭᠤᠴᠠᠭᠠᠨ ᠤ ︽ᠮᠣᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ︾ ᠳᠣᠮᠳᠠᠳᠣ ᠣᠯᠣᠰ ᠤᠨ ᠠᠳᠣᠭᠤᠨ ᠰᠣᠶᠤᠯ ᠤᠨ ᠲᠥᠪ ᠰᠢᠯᠢ ᠶᠢᠨ ᠭᠤᠣᠯ ᠤᠨ ᠮᠣᠩᠭᠤᠯ ᠮᠣᠷᠢᠨ ᠤ ᠬᠤᠯᠪᠤᠭᠠᠲᠤ ᠣᠷᠣᠯᠳᠣᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ ᠦᠪᠡᠳᠡᠭᠰᠢ ᠶᠡᠬᠡᠪᠡᠷ ᠶᠠᠪᠤᠭᠳᠠᠪᠠ᠃
    ᠮᠦᠰᠦ ᠴᠠᠰᠣᠨ ᠳᠤ ᠬᠤᠴᠢᠭᠳᠠᠨᠰᠠᠨ ᠦᠵᠦᠮᠦᠴᠢᠨ ᠨᠤᠲᠤᠭ ᠤᠨ ᠥᠷᠭᠡᠨ ᠲᠠᠯ᠎ᠠ ᠳᠤ  ᠵᠠᠭᠤᠨ ᠠᠭᠲᠠ ᠶᠢᠨ ᠳᠥᠪᠡᠷᠭᠡᠨ ᠨᠠᠭᠠᠰᠢᠯᠠᠵᠤ᠂ ᠣᠯᠠᠷᠢᠯ ᠤᠨ ᠦᠩᠭᠡ ᠪᠠᠷ ᠭᠤᠶᠤᠯᠠᠭᠰᠠᠨ ᠦᠵᠦᠮᠦᠴᠢᠨ ᠨᠤᠲᠤᠭ ᠤᠨ ᠠᠷᠠᠳ ᠣᠯᠠᠨ ᠨᠠᠶᠢᠷ ᠤᠨ ᠬᠤᠶᠢᠮᠣᠷ ᠲᠤ ᠰᠠᠭᠠᠲᠠᠯ᠎ᠠ᠃      ᠥᠨᠦᠳᠦᠷ᠂ ᠪᠥᠬᠦ ᠬᠤᠰᠢᠭᠤᠨ ᠤ ᠡᠯ᠎ᠡ ᠰᠤᠮᠤ ᠪᠠᠯᠭᠠᠰᠣ᠂ ᠭᠠᠴᠠᠭ᠎ᠠ ᠲᠡᠰ ᠤᠨ ᠮᠣᠩᠭᠤᠯ ᠮᠣᠷᠢᠨ ᠤ ᠬᠤᠯᠪᠤᠭᠠᠲᠤ ᠣᠷᠣᠯᠳᠣᠭᠠᠨ ᠳᠤ ᠬᠤᠷᠳᠤ ᠰᠣᠷᠢᠨ ᠰᠢᠯᠭᠠᠷᠠᠭᠰᠠᠨ 48 ᠰᠢᠯᠢᠳᠡᠭ ᠤᠨ ᠰᠢᠯᠢᠳᠡᠭ ᠬᠤᠷᠳᠤᠨ ᠬᠦᠯᠦᠭ ᠬᠤᠰᠢᠭᠤ ᠲᠡᠰ ᠤᠨ ᠰᠢᠢᠳᠪᠦᠷᠢᠲᠦ ᠣᠷᠣᠯᠳᠣᠭᠠᠨ ᠳᠤ ᠣᠷᠣᠯᠴᠠᠨ᠂ ᠬᠠᠮᠲᠤ ᠨᠢᠭᠡᠴᠡ ᠶᠢᠨ ᠬᠦᠴᠦᠨ ᠳᠠᠮᠵᠢᠭᠤᠯᠬᠤ ᠣᠷᠣᠯᠳᠣᠭᠠᠨ ᠳᠤ ᠡᠯ᠎ᠡ ᠰᠤᠮᠤ ᠪᠠᠯᠭᠠᠰᠣᠨ ᠠᠴᠠ ᠨᠡᠶᠢᠲᠡ 9 ᠳᠣᠭᠤᠶᠢᠯᠠᠩ ᠬᠦᠴᠦ ᠬᠠᠮᠲᠤᠷᠠᠨ ᠣᠷᠣᠯᠴᠠᠭᠰᠠᠨ ᠪᠠᠶᠢᠨ᠎ᠠ  ᠃      ᠬᠦᠴᠦ ᠰᠢᠨᠳᠠᠰᠤ ᠰᠣᠷᠢᠨ ᠦᠵᠦᠭᠦᠷ ᠲᠡᠷᠢᠭᠦᠨ ᠪᠤᠯᠢᠶᠠᠯᠳᠣᠭᠰᠠᠨ ᠬᠤᠷᠳᠤᠨ ᠬᠦᠯᠦᠭ ᠤᠳ ᠴᠠᠰᠤ ᠴᠠᠭᠠᠨ ᠲᠠᠯ᠎ᠠ ᠳᠤ ᠰᠣᠮᠤᠳᠠᠨ ᠳᠠᠪᠬᠢᠵᠤ᠂ ᠬᠥᠬᠡᠬᠡ ᠡᠪᠦᠯ ᠤᠨ ᠬᠦᠢᠲᠡᠨ ᠤ ᠡᠷᠴᠢ ᠶᠢ ᠠᠳᠣᠭᠤᠨ ᠤ ᠠᠮᠢᠰᠬᠤᠭ᠎ᠠ ᠪᠠᠷ ᠣᠶᠠᠰᠬᠠᠨ᠂ ᠮᠣᠩᠭᠤᠯ ᠮᠣᠷᠢᠨ ᠤ ᠲᠡᠰᠪᠦᠷᠢ ᠲᠡᠪᠴᠢᠶᠡᠷᠢ ᠲᠠᠢ᠂ ᠵᠣᠷᠢᠭᠰᠠᠨ ᠳᠠᠭᠠᠨ ᠬᠥᠷᠬᠦ ᠠᠴᠠ ᠪᠤᠴᠠᠬᠤ ᠦᠭᠡᠢ ᠴᠤᠴᠠᠯᠲᠠ ᠦᠬᠡᠢ ᠰᠢᠨᠳᠠᠰᠤ ᠵᠣᠷᠢᠭ ᠢ ᠣᠯᠠᠨ᠎ᠠ ᠬᠠᠷᠠᠭᠤᠯᠵᠤ᠂ ᠦᠵᠡᠭᠰᠡᠨ ᠣᠯᠠᠨ ᠤ ᠬᠠᠷᠠᠭ᠎ᠠ ᠶᠢ ᠪᠠᠶᠠᠰᠬᠠᠯ᠎ᠠ᠃
  ᠣᠷᠣᠯᠳᠣᠭᠠᠨ ᠤ ᠡᠴᠦᠰ ᠲᠤ᠂ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠸᠠ ᠪᠠᠯᠭᠠᠰᠣᠨ ᠤ ᠲᠠᠩᠰᠤᠭ ᠭᠠᠴᠠᠭᠠᠨ ᠤ ᠮᠠᠯᠴᠢᠨ ᠰᠣᠮᠢᠶ᠎ᠠ ᠶᠢᠨ ᠬᠥᠷᠡᠩ ᠮᠣᠷᠢ ᠦᠵᠦᠭᠦᠷᠯᠡᠨ ᠲᠡᠷᠢᠭᠦᠯᠡᠵᠦ᠂ ᠵᠢᠷ ᠤᠨ ᠭᠤᠣᠯ ᠪᠠᠯᠭᠠᠰᠤᠨ ᠤ ᠣᠳᠬᠠᠨᠪᠢᠯᠢᠭ᠌ ᠤᠨ ᠬᠡᠭᠡᠷ ᠮᠣᠷᠢ ᠳᠡᠳ᠋ᠯᠡᠨ᠂ ᠬᠤᠭᠤᠯᠠᠲᠤ ᠶᠢᠨ ᠭᠤᠣᠯ ᠪᠠᠯᠭᠠᠰᠣᠨ ᠤ ᠡᠯᠪᠡᠭ ᠤᠨ ᠬᠥᠷᠡᠩ ᠴᠠᠪᠢᠳᠠᠷ ᠮᠣᠷᠢ ᠠᠶᠢᠷᠠᠭ ᠤᠨ ᠭᠤᠷᠪᠠ ᠳᠤ᠂ ᠣᠯᠠᠭᠠᠨᠬᠠᠭᠠᠯᠭ᠎ᠠ ᠰᠤᠮᠤᠨ ᠤ ᠪᠥᠬᠡᠪᠠᠶᠠᠷ ᠤᠨ ᠮᠣᠷᠢ ᠠᠶᠢᠷᠠᠭ ᠤᠨ ᠳᠦᠷᠪᠠ ᠳᠤ ᠂  ᠬᠤᠭᠤᠯᠠᠲᠤ ᠶᠢᠨ ᠭᠤᠣᠯ ᠪᠠᠯᠭᠠᠰᠤᠨ ᠤ ᠠᠯᠳᠠᠷᠲᠤ ᠶᠢᠨ ᠮᠣᠷᠢ ᠠᠶᠢᠷᠠᠭ ᠤᠨ ᠳᠠᠪᠤ ᠳᠤ᠂ ᠤᠯᠠᠭᠠᠨᠬᠠᠭᠠᠯᠭ᠎ᠠ ᠰᠣᠮᠣᠨ ᠤ ᠬᠠᠰᠡᠷᠳᠡᠨᠢ ᠶᠢᠨ ᠮᠣᠷᠢ᠂ ᠭᠤᠷᠤᠬᠠᠨ ᠪᠠᠯᠭᠠᠰᠣᠨ ᠤ ᠨᠠᠰᠣᠨᠪᠠᠲᠤ ᠶᠢᠨ ᠮᠣᠷᠢ᠂ ᠬᠤᠭᠤᠯᠠᠲᠤ ᠶᠢᠨ ᠭᠤᠣᠯ ᠪᠠᠯᠭᠠᠰᠤᠨ ᠤ ᠡᠷᠳᠡᠨᠢᠳᠠᠯᠠᠢ ᠶᠢᠨ ᠮᠣᠷᠢ᠂ ᠵᠢᠷᠭᠤᠭ᠎ᠠ᠂ ᠳᠤᠯᠤᠭ᠎ᠠ᠂ ᠨᠠᠢᠮᠠ ᠳᠤ ᠳᠠᠪᠬᠢᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号