︽ᠮᠣᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ︾ ᠬᠤᠯᠪᠤᠭᠠᠲᠤ ᠣᠷᠣᠯᠳᠣᠭᠠᠨ ᠤ ᠪᠠᠷᠠᠭᠤᠨ | ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ ᠶᠠᠪᠤᠭᠳᠠᠪᠠ | | 12 ᠰᠠᠷ᠎ᠠ ᠶᠢᠨ 26 ᠤ ᠡᠳᠦᠷ᠂ ᠠᠩᠬᠠᠳᠣᠭᠠᠷ ᠬᠤᠭᠤᠴᠠᠭᠠᠨ ᠤ ︽ᠮᠣᠩᠭᠤᠯ ᠮᠣᠷᠢᠨ ᠤ ᠵᠣᠷᠢᠭ ᠰᠠᠨᠠᠭ᠎ᠠ | ᠬᠤᠨᠳᠠᠭᠠᠲᠤ︾ ᠳᠣᠮᠳᠠᠳᠣ ᠣᠯᠣᠰ ᠤᠨ ᠠᠳᠣᠭᠤᠨ ᠰᠣᠶᠤᠯ ᠤᠨ ᠲᠥᠪ ᠰᠢᠯᠢ ᠶᠢᠨ ᠭᠤᠣᠯ ᠤᠨ ᠮᠣᠩᠭᠤᠯ | ᠮᠣᠷᠢᠨ ᠤ ᠬᠤᠯᠪᠤᠭᠠᠲᠤ ᠣᠷᠣᠯᠳᠣᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ | ᠦᠪᠡᠳᠡᠭᠰᠢ ᠶᠡᠬᠡᠪᠡᠷ ᠶᠠᠪᠤᠭᠳᠠᠪᠠ᠃ | | ᠮᠦᠰᠦ ᠴᠠᠰᠣᠨ ᠳᠤ ᠬᠤᠴᠢᠭᠳᠠᠨᠰᠠᠨ ᠦᠵᠦᠮᠦᠴᠢᠨ ᠨᠤᠲᠤᠭ ᠤᠨ ᠥᠷᠭᠡᠨ ᠲᠠᠯ᠎ᠠ ᠳᠤ ᠵᠠᠭᠤᠨ ᠠᠭᠲᠠ ᠶᠢᠨ | ᠳᠥᠪᠡᠷᠭᠡᠨ ᠨᠠᠭᠠᠰᠢᠯᠠᠵᠤ᠂ ᠣᠯᠠᠷᠢᠯ ᠤᠨ ᠦᠩᠭᠡ ᠪᠠᠷ ᠭᠤᠶᠤᠯᠠᠭᠰᠠᠨ ᠦᠵᠦᠮᠦᠴᠢᠨ ᠨᠤᠲᠤᠭ ᠤᠨ ᠠᠷᠠᠳ ᠣᠯᠠᠨ | ᠨᠠᠶᠢᠷ ᠤᠨ ᠬᠤᠶᠢᠮᠣᠷ ᠲᠤ ᠰᠠᠭᠠᠲᠠᠯ᠎ᠠ᠃ | ᠥᠨᠦᠳᠦᠷ᠂ ᠪᠥᠬᠦ ᠬᠤᠰᠢᠭᠤᠨ ᠤ ᠡᠯ᠎ᠡ ᠰᠤᠮᠤ ᠪᠠᠯᠭᠠᠰᠣ᠂ ᠭᠠᠴᠠᠭ᠎ᠠ ᠲᠡᠰ ᠤᠨ ᠮᠣᠩᠭᠤᠯ ᠮᠣᠷᠢᠨ ᠤ | ᠬᠤᠯᠪᠤᠭᠠᠲᠤ ᠣᠷᠣᠯᠳᠣᠭᠠᠨ ᠳᠤ ᠬᠤᠷᠳᠤ ᠰᠣᠷᠢᠨ ᠰᠢᠯᠭᠠᠷᠠᠭᠰᠠᠨ 48 ᠰᠢᠯᠢᠳᠡᠭ ᠤᠨ ᠰᠢᠯᠢᠳᠡᠭ ᠬᠤᠷᠳᠤᠨ ᠬᠦᠯᠦᠭ | ᠬᠤᠰᠢᠭᠤ ᠲᠡᠰ ᠤᠨ ᠰᠢᠢᠳᠪᠦᠷᠢᠲᠦ ᠣᠷᠣᠯᠳᠣᠭᠠᠨ ᠳᠤ ᠣᠷᠣᠯᠴᠠᠨ᠂ ᠬᠠᠮᠲᠤ ᠨᠢᠭᠡᠴᠡ ᠶᠢᠨ ᠬᠦᠴᠦᠨ ᠳᠠᠮᠵᠢᠭᠤᠯᠬᠤ | ᠣᠷᠣᠯᠳᠣᠭᠠᠨ ᠳᠤ ᠡᠯ᠎ᠡ ᠰᠤᠮᠤ ᠪᠠᠯᠭᠠᠰᠣᠨ ᠠᠴᠠ ᠨᠡᠶᠢᠲᠡ 9 ᠳᠣᠭᠤᠶᠢᠯᠠᠩ ᠬᠦᠴᠦ ᠬᠠᠮᠲᠤᠷᠠᠨ ᠣᠷᠣᠯᠴᠠᠭᠰᠠᠨ | ᠪᠠᠶᠢᠨ᠎ᠠ ᠃ | ᠬᠦᠴᠦ ᠰᠢᠨᠳᠠᠰᠤ ᠰᠣᠷᠢᠨ ᠦᠵᠦᠭᠦᠷ ᠲᠡᠷᠢᠭᠦᠨ ᠪᠤᠯᠢᠶᠠᠯᠳᠣᠭᠰᠠᠨ ᠬᠤᠷᠳᠤᠨ ᠬᠦᠯᠦᠭ ᠤᠳ ᠴᠠᠰᠤ ᠴᠠᠭᠠᠨ | ᠲᠠᠯ᠎ᠠ ᠳᠤ ᠰᠣᠮᠤᠳᠠᠨ ᠳᠠᠪᠬᠢᠵᠤ᠂ ᠬᠥᠬᠡᠬᠡ ᠡᠪᠦᠯ ᠤᠨ ᠬᠦᠢᠲᠡᠨ ᠤ ᠡᠷᠴᠢ ᠶᠢ ᠠᠳᠣᠭᠤᠨ ᠤ ᠠᠮᠢᠰᠬᠤᠭ᠎ᠠ ᠪᠠᠷ | ᠣᠶᠠᠰᠬᠠᠨ᠂ ᠮᠣᠩᠭᠤᠯ ᠮᠣᠷᠢᠨ ᠤ ᠲᠡᠰᠪᠦᠷᠢ ᠲᠡᠪᠴᠢᠶᠡᠷᠢ ᠲᠠᠢ᠂ ᠵᠣᠷᠢᠭᠰᠠᠨ ᠳᠠᠭᠠᠨ ᠬᠥᠷᠬᠦ ᠠᠴᠠ ᠪᠤᠴᠠᠬᠤ ᠦᠭᠡᠢ | ᠴᠤᠴᠠᠯᠲᠠ ᠦᠬᠡᠢ ᠰᠢᠨᠳᠠᠰᠤ ᠵᠣᠷᠢᠭ ᠢ ᠣᠯᠠᠨ᠎ᠠ ᠬᠠᠷᠠᠭᠤᠯᠵᠤ᠂ ᠦᠵᠡᠭᠰᠡᠨ ᠣᠯᠠᠨ ᠤ ᠬᠠᠷᠠᠭ᠎ᠠ ᠶᠢ ᠪᠠᠶᠠᠰᠬᠠᠯ᠎ᠠ᠃ | | | | | | | ᠣᠷᠣᠯᠳᠣᠭᠠᠨ ᠤ ᠡᠴᠦᠰ ᠲᠤ᠂ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠸᠠ ᠪᠠᠯᠭᠠᠰᠣᠨ ᠤ ᠲᠠᠩᠰᠤᠭ | ᠭᠠᠴᠠᠭᠠᠨ ᠤ ᠮᠠᠯᠴᠢᠨ ᠰᠣᠮᠢᠶ᠎ᠠ ᠶᠢᠨ ᠬᠥᠷᠡᠩ ᠮᠣᠷᠢ ᠦᠵᠦᠭᠦᠷᠯᠡᠨ ᠲᠡᠷᠢᠭᠦᠯᠡᠵᠦ᠂ ᠵᠢᠷ ᠤᠨ ᠭᠤᠣᠯ ᠪᠠᠯᠭᠠᠰᠤᠨ ᠤ | ᠣᠳᠬᠠᠨᠪᠢᠯᠢᠭ᠌ ᠤᠨ ᠬᠡᠭᠡᠷ ᠮᠣᠷᠢ ᠳᠡᠳ᠋ᠯᠡᠨ᠂ ᠬᠤᠭᠤᠯᠠᠲᠤ ᠶᠢᠨ ᠭᠤᠣᠯ ᠪᠠᠯᠭᠠᠰᠣᠨ ᠤ ᠡᠯᠪᠡᠭ ᠤᠨ ᠬᠥᠷᠡᠩ ᠴᠠᠪᠢᠳᠠᠷ | ᠮᠣᠷᠢ ᠠᠶᠢᠷᠠᠭ ᠤᠨ ᠭᠤᠷᠪᠠ ᠳᠤ᠂ ᠣᠯᠠᠭᠠᠨᠬᠠᠭᠠᠯᠭ᠎ᠠ ᠰᠤᠮᠤᠨ ᠤ ᠪᠥᠬᠡᠪᠠᠶᠠᠷ ᠤᠨ ᠮᠣᠷᠢ ᠠᠶᠢᠷᠠᠭ ᠤᠨ ᠳᠦᠷᠪᠠ ᠳᠤ | ᠂ ᠬᠤᠭᠤᠯᠠᠲᠤ ᠶᠢᠨ ᠭᠤᠣᠯ ᠪᠠᠯᠭᠠᠰᠤᠨ ᠤ ᠠᠯᠳᠠᠷᠲᠤ ᠶᠢᠨ ᠮᠣᠷᠢ ᠠᠶᠢᠷᠠᠭ ᠤᠨ ᠳᠠᠪᠤ ᠳᠤ᠂ ᠤᠯᠠᠭᠠᠨᠬᠠᠭᠠᠯᠭ᠎ᠠ | ᠰᠣᠮᠣᠨ ᠤ ᠬᠠᠰᠡᠷᠳᠡᠨᠢ ᠶᠢᠨ ᠮᠣᠷᠢ᠂ ᠭᠤᠷᠤᠬᠠᠨ ᠪᠠᠯᠭᠠᠰᠣᠨ ᠤ ᠨᠠᠰᠣᠨᠪᠠᠲᠤ ᠶᠢᠨ ᠮᠣᠷᠢ᠂ ᠬᠤᠭᠤᠯᠠᠲᠤ ᠶᠢᠨ ᠭᠤᠣᠯ | ᠪᠠᠯᠭᠠᠰᠤᠨ ᠤ ᠡᠷᠳᠡᠨᠢᠳᠠᠯᠠᠢ ᠶᠢᠨ ᠮᠣᠷᠢ᠂ ᠵᠢᠷᠭᠤᠭ᠎ᠠ᠂ ᠳᠤᠯᠤᠭ᠎ᠠ᠂ ᠨᠠᠢᠮᠠ ᠳᠤ ᠳᠠᠪᠬᠢᠭᠰᠠᠨ ᠪᠠᠶᠢᠨ᠎ᠠ᠃ | |