ᠳᠠᠯᠤ | | | ᠨᠠᠮᠤᠷ ᠴᠠᠭ ᠤᠨ ᠲᠠᠩᠰᠤᠭ ᠢᠳᠡᠭᠡ ᠭᠡᠷ ᠤᠨ ᠬᠤᠶᠢᠮᠤᠷ ᠲᠤ ᠪᠢᠯᠬᠠᠷᠠᠨ ᠲᠠᠷᠭᠤᠨ ᠮᠢᠬ᠎ᠠ᠂ ᠲᠠᠷᠠᠭ ᠠᠶᠢᠷᠠᠭ᠂ | ᠰᠢᠬᠢᠷ ᠪᠤᠭᠤᠷᠰᠤᠭ ᠁ ᠠᠴᠠ ᠳᠤᠷᠠᠲᠠᠢ ᠪᠠᠨ ᠢᠳᠡᠵᠦ ᠳᠠᠭᠤᠤ ᠲᠠᠢ ᠠᠷᠢᠬᠢ ᠬᠥᠨᠲᠥᠷᠦᠭᠰᠡᠨ ᠢᠳᠡᠷ | ᠨᠠᠰᠤᠨ ᠤ ᠲᠣᠪᠴᠢᠶᠠᠨ ᠳᠠᠷᠤᠭ᠎ᠠ ᠰᠦᠷᠲᠦ ᠡᠷᠬᠡ ᠮᠡᠳᠡᠯ ᠤᠨ ᠣᠷᠣᠢ ᠳᠤ ᠡᠯᠢᠨ ᠭᠠᠷᠴᠢᠬᠠᠭᠰᠠᠨ ᠶᠤᠮ ᠰᠢᠭ᠋ | ᠣᠯᠵᠠ ᠣᠮᠤᠭ ᠢᠶᠠᠷ ᠪᠠᠳᠠᠷᠠᠨ ᠬᠠᠩᠬᠠᠶᠢᠵᠤ᠂ ᠪᠠᠷᠤᠭ ᠴᠠᠳᠤᠭᠰᠠᠨ ᠪᠤᠯᠤᠯᠲᠠᠢ ᠰᠢᠷᠡᠭᠡᠨ ᠳᠡᠭᠡᠷᠡᠬᠢ ᠣᠷᠢᠶᠠᠯᠲᠠ ᠲᠠᠢ | ᠴᠠᠭᠠᠰᠤ ᠶᠢ ᠵᠠᠩᠭᠠᠬᠤ ᠳᠤ ᠬᠠᠵᠠᠭᠤᠳᠠᠭᠢ ᠬᠥᠮᠥᠨ ᠨᠢ ᠤᠬᠤᠰᠬᠢᠨ ᠪᠣᠰᠴᠤ ᠲᠠᠰᠤᠴᠢᠨ ᠥᠭᠬᠦ ᠪᠠᠷ ᠬᠠᠮᠠᠷ | ᠠᠮᠠ ᠪᠠᠨ ᠠᠷᠴᠢᠵᠤ᠂ ᠬᠤᠨᠳᠤᠴᠤᠭ ᠢᠶᠠᠷ ᠢᠶᠠᠨ ᠬᠤᠶᠢᠰᠢ ᠵᠢᠭᠠᠬᠠᠨ ᠤᠬᠤᠷᠢᠨ ᠬᠤᠷᠢᠶᠠᠯᠲᠠ ᠲᠠᠢ ᠭᠦᠨᠵᠢᠯᠡ | ᠲᠦᠰᠢᠵᠦ ᠨᠠᠮᠪᠠᠲᠠᠶᠢᠬᠠᠨ ᠰᠠᠭᠤᠨ᠎ᠠ᠃ | ᠭᠡᠷ ᠤᠨ ᠡᠵᠡᠨ ᠠᠴᠠ᠄ ︽ᠳᠠᠷᠤᠭ᠎ᠠ ᠲᠠ ᠡᠷᠡᠭᠡ ᠵᠡᠨᠵᠡᠭᠡ ᠦᠭᠡᠢ ᠲᠠᠶᠢᠪᠤᠩ ᠵᠣᠭᠤᠭᠯᠠᠭᠠᠷᠠᠢ᠂ ᠲᠡᠷᠡ ᠳᠠᠯᠤ | ᠶᠠᠩᠵᠤ ᠪᠠᠷ ᠢᠶᠠᠨ ᠪᠠᠶᠢᠨ᠎ᠠ᠂ ᠬᠡᠨ ᠵᠦᠰᠦᠪᠡᠯ ᠳᠠᠭᠠᠷᠠᠳᠠᠭ ᠪᠢᠯᠡ︖︾ ᠭᠡᠬᠦ ᠵᠠᠭᠤᠷ᠎ᠠ ᠳᠠᠷᠤᠭ᠎ᠠ ᠶᠢᠨ ᠨᠦᠭᠦᠭᠡ | ᠲᠠᠯ᠎ᠠ ᠳᠤ ᠰᠠᠭᠤᠵᠤ ᠪᠠᠶᠢᠭᠰᠠᠨ ᠵᠠᠯᠠᠭᠤ ᠪᠦᠰᠡᠭᠦᠢ᠄ ︽ᠬᠠᠷᠢᠨ ᠲᠡᠶᠢᠮᠦ᠂ ᠳᠠᠯᠤ ᠶᠢ ᠳᠠᠶᠠᠭᠠᠷ ᠢᠶᠠᠨ ᠭᠡᠳᠡᠭ ᠠ᠋᠂ ᠬᠠᠰᠢ | ᠯᠠ ᠲᠠ ᠬᠤᠪᠢᠶᠠᠬᠤ ᠨᠢ ᠵᠦᠢᠲᠡᠢ︾ ᠭᠡᠵᠦ ᠰᠦᠷᠲᠦ ᠳᠠᠷᠤᠭ᠎ᠠ ᠥᠭᠡᠳᠡ ᠬᠠᠨᠳᠤᠵᠤ ᠪᠢᠯᠳᠠᠤᠴᠢ ᠱᠠᠩᠳᠠᠭᠤ ᠭᠡᠬᠦ | ᠶᠤᠮ ᠦᠦ᠂ ᠪᠢᠲᠡᠭᠦᠦ ᠰᠠᠶᠢᠷᠬᠠᠬᠤ ᠭᠡᠰᠡᠨ ᠶᠤᠮ ᠦᠦ᠂ ᠶᠠᠭᠤ ᠨᠢᠭᠡ ᠨᠢᠭᠤᠭᠳᠠᠭᠰᠠᠨ ᠬᠠᠷᠠᠴᠠ ᠤᠨᠠᠭᠠᠵᠤ | ᠬᠤᠰᠢᠭᠤ ᠪᠠᠨ ᠵᠤᠮᠠᠯᠵᠠᠭᠤᠯᠤᠨ ᠬᠡᠯᠡᠬᠦ ᠶᠤᠮ᠃ ᠲᠡᠭᠡᠭᠦ ᠳᠤ ᠭᠡᠷ ᠤᠨ ᠵᠡᠭᠦᠨ ᠲᠠᠯ᠎ᠠ ᠳᠤ ᠰᠠᠭᠤᠵᠤ ᠪᠠᠶᠢᠭᠰᠠᠨ | ᠠᠬᠢᠮᠠᠭ ᠨᠠᠰᠤᠨ ᠤ ᠪᠦᠰᠡᠭᠦᠢ ᠲᠡᠷᠯᠢᠭ ᠤᠨ ᠢᠶᠠᠨ ᠬᠤᠷᠮᠣᠢ ᠶᠢ ᠵᠠᠰᠠᠬᠤ ᠪᠠᠶᠢᠳᠠᠯ ᠭᠠᠷᠭᠠᠨ ᠤᠷᠤᠭᠰᠢ ᠪᠠᠨ ᠪᠠᠭᠠᠬᠠᠨ | ᠬᠥᠨᠲᠥᠷᠴᠦ ᠰᠠᠭᠤᠭᠰᠠᠨ ᠢᠶᠠᠨ᠄ ︽ᠳᠠᠯᠤ ᠳᠤ ᠲᠡᠭᠡᠵᠤ ᠳᠤᠷ᠎ᠠ ᠪᠠᠷ ᠢᠶᠠᠨ ᠭᠠᠷ ᠭᠦᠷᠳᠡᠭ ᠦᠭᠡᠢ ᠡᠰᠡ ᠪᠢᠯᠢᠦ᠂ ᠠᠳᠡ | ᠪᠠᠶᠢᠭ᠎ᠠ ᠭᠡᠶᠢᠴᠢᠳ ᠤᠨ ᠳᠤᠮᠳᠠ ᠠᠴᠠ ᠬᠦᠨᠳᠦᠲᠡᠢ ᠶᠣᠰᠣᠲᠠᠢ ᠨᠢ ᠭᠦᠨᠳᠡᠵᠦ ᠬᠤᠪᠢᠶᠠᠳᠠᠭ︾ ᠭᠡᠬᠦ ᠳᠤ᠄ ︽ᠬᠠᠷᠢᠨ | ᠲᠡᠶᠢᠮᠦ᠂ ᠬᠠᠮᠤᠭ ᠬᠦᠨᠳᠦᠲᠡᠢ ᠨᠢ ᠲᠡᠭᠡᠭᠡᠳ ᠮᠠᠨ ᠤ ᠰᠦ᠊ ᠳᠠᠷᠤᠭ᠎ᠠ ᠪᠠᠶᠢᠨ᠎ᠠ︾ ᠭᠡᠵᠦ ᠰᠠᠶ᠋ᠢ ᠶᠢᠨ ᠴᠠᠭᠠᠰᠤ | ᠲᠠᠰᠤᠯᠵᠤ ᠥᠭᠭᠦᠭᠰᠡᠨ ᠲᠡᠷᠡ ᠬᠥᠮᠥᠨ ᠠᠮᠠ ᠪᠤᠯᠢᠶᠠᠵᠤ ᠠᠮᠵᠢᠨ᠎ᠠ᠃ ᠠᠬᠢᠮᠠᠭ ᠪᠦᠰᠡᠭᠦᠢ ᠵᠠᠯᠭᠠᠨ᠄ ︽ᠠ᠂ ᠪᠠᠰᠠ | ᠲᠡᠶᠢᠮᠦ ᠭᠡᠵᠢ ᠦᠦ᠂ ᠬᠠᠮᠤᠭ ᠬᠦᠨᠳᠦᠲᠡᠢ ᠨᠢ ᠰᠦᠷᠲᠦ ᠳᠠᠷᠤᠭ᠎ᠠ ᠮᠥᠨ ᠪᠤᠯᠪᠠᠴᠦ ᠬᠠᠷᠢᠨ ᠨᠠᠭᠠᠴᠤ ᠨᠢ ᠪᠠᠰᠠ ᠠᠳᠡ | ᠪᠠᠶᠢᠨ᠎ᠠ︾ ᠭᠡᠵᠦ ᠲᠣᠭᠲᠠᠭᠤᠨ ᠬᠡᠯᠡᠪᠡ᠃ | ᠬᠤᠷᠣᠮ ᠵᠠᠭᠤᠷ᠎ᠠ ︽ᠬᠥᠮᠥᠨ ᠤ ᠡᠬᠢᠨ ᠨᠠᠭᠠᠴᠤ᠂ ᠤᠰᠤᠨ ᠤ ᠡᠬᠢᠨ ᠪᠤᠯᠠᠭ ᠭᠡᠵᠦ ᠬᠡᠯᠡᠳᠡᠭ᠂ ᠲᠡᠶᠢᠮᠦ ᠠᠴᠠ | ᠨᠠᠭᠠᠴᠤ ᠨᠢ ᠤᠷᠢᠳ ᠢᠶᠠᠷ ᠭᠠᠷ ᠬᠦᠷᠬᠦ ᠨᠢ ᠵᠥᠪ︾᠂ ︽ᠬᠠᠷᠢᠨ ᠠ᠋᠂ ᠨᠠᠭᠠᠴᠤ ᠶᠢᠨ ᠢᠶᠠᠨ ᠳᠡᠷᠭᠡᠳᠡ ᠵᠢᠭᠡ ᠨᠢ | ᠲᠦᠷᠦᠭᠦᠯᠡᠨ ᠳᠠᠯᠤ ᠭᠦᠨᠳᠡᠪᠡᠯ ᠭᠠᠷ ᠬᠥᠯ ᠨᠢ ᠲᠠᠲᠠᠬᠤ ᠪᠤᠶᠤ ᠴᠡᠴᠡᠷᠡᠮᠡᠲᠡᠭᠡᠢ ᠪᠣᠯᠵᠤ ᠬᠡᠶᠢᠮᠣᠷᠢ ᠨᠢ ᠬᠡᠪᠲᠡᠨ | ᠬᠡᠰᠢᠭ ᠪᠤᠶᠠᠨ ᠨᠢ ᠬᠡᠯᠲᠡᠶᠢᠵᠦ ᠬᠢᠭᠰᠡᠨ ᠦᠢᠯᠡ ᠬᠡᠯᠡᠭᠰᠡᠨ ᠦᠭᠡ ᠨᠢ ᠶᠠᠪᠤᠭᠤᠷᠢ ᠦᠭᠡᠢ ᠪᠤᠯᠳᠠᠭ︾᠂ | ︽ᠥᠩᠭᠡᠷᠡᠭᠰᠡᠨ ᠳᠤ ᠨᠠᠭᠠᠴᠤ ᠶᠢᠨ ᠢᠶᠠᠨ ᠬᠠᠵᠠᠭᠤ ᠳᠤ ᠳᠠᠯᠤ ᠭᠦᠨᠳᠡᠭᠦ ᠬᠡᠷᠡᠭ ᠦᠭᠡᠢ᠂ ᠨᠠᠭᠠᠴᠤ ᠶᠢᠨ ᠢᠶᠠᠨ | ᠲᠣᠯᠣᠭᠠᠢ ᠳᠤ ᠭᠠᠷ ᠭᠦᠷᠳᠡᠭ ᠦᠭᠡᠢ᠂ ᠨᠡᠷ᠎ᠡ ᠪᠠᠷ ᠨᠢ ᠴᠤ ᠳᠠᠭᠤᠳᠠᠬᠤ ᠶᠢ ᠴᠡᠭᠡᠷᠯᠡᠳᠡᠭ ᠪᠠᠶᠢᠭᠰᠠᠨ︾᠂ ︽ᠮᠥᠨ ᠳ᠋ᠠ᠂ | ᠮᠠᠨᠴᠤᠢ ᠲᠠᠢ ᠨᠠᠭᠠᠴᠤ ᠳᠠᠭᠠᠨ ᠵᠢᠭᠡ ᠨᠢ ᠬᠦᠷᠴᠦ ᠮᠥᠷᠭᠦᠳᠡᠭ ᠪᠥᠭᠡᠳ ᠰᠢᠯᠪᠢ ᠳᠤᠨᠢ ᠭᠦᠷᠲᠡᠯ᠎ᠡ ᠰᠥᠭᠦᠳᠳᠡᠭ | ᠭᠡᠯᠡ︾ ᠭᠡᠵᠦ ᠢᠪᠢᠷ ᠰᠢᠪᠢᠷ ᠶᠠᠷᠢᠶ᠎ᠠ ᠭᠡᠷ ᠳᠦᠭᠦᠷᠪᠡ᠃ ᠡᠨᠡ ᠦᠶ᠎ᠡ ᠳᠤ ᠠᠷᠢᠬᠢ ᠶᠢᠨ ᠬᠠᠯᠠᠭᠤᠨ ᠳᠤ ᠳᠡᠭᠡᠷᠡᠩᠭᠦᠢ | ᠦᠵᠡᠯ ᠨᠢ ᠰᠢᠲᠠᠭᠰᠠᠨ ᠰᠦᠷᠲᠦ ᠳᠠᠷᠤᠭ᠎ᠠ ᠶᠢᠨ ᠪᠠᠷᠳᠠᠮ ᠣᠩᠭᠢᠷᠠᠭ᠎ᠠ ᠵᠠᠩ ᠨᠢ ᠬᠥᠳᠡᠯᠵᠦ᠄ ︽ᠲᠡᠷᠡ ᠨᠠᠭᠠᠴᠤ ᠮᠠᠨᠢ | ᠣᠲᠣ ᠭᠡᠷ ᠲᠤ ᠦᠭᠡᠢ ᠪᠠᠶᠢᠨ᠎ᠠ᠂ ᠲᠡᠭᠡᠭᠡᠳ ᠶᠠᠭᠠᠬᠢᠵᠤ ᠬᠡᠯᠡᠯ᠎ᠡ ᠭᠡᠳ ᠨᠠᠰᠤ ᠪᠠᠷ ᠨᠠᠳᠠ ᠠᠴᠠ ᠳᠡᠭᠦᠦ ᠪᠣᠯᠬᠤᠷ | ᠬᠠᠮᠢᠶ᠎ᠠ ᠦᠭᠡᠢ᠂ ᠨᠡᠮᠡᠵᠦ ᠬᠡᠯᠡᠬᠦ ᠳᠤ ᠪᠢ ᠲᠥᠷᠦ ᠶᠢᠨ ᠬᠥᠮᠥᠨ ᠶᠤᠮ ᠴᠢᠨᠢ ᠲᠡᠭᠦᠨ ᠠᠴᠠ ᠰᠠᠭᠤᠳᠠᠯ ᠥᠨᠳᠥᠷ︾ | ᠭᠡᠳ ᠳᠠᠯᠤ ᠶᠢᠨ ᠰᠤᠳᠠᠯ ᠤᠨ ᠨᠥᠭᠡᠨ ᠠᠴᠠ ᠨᠢ ᠰᠢᠭᠦᠷᠡᠨ ᠠᠪᠴᠤ ᠵᠦᠰᠦᠬᠦ ᠭᠡᠲᠡᠯ᠎ᠡ ᠭᠠᠳᠠᠨ᠎ᠠ ᠠᠴᠠ ᠨᠢᠭᠡ | ᠡᠪᠦᠭᠡᠨ ᠭᠠᠵᠠᠷ ᠳᠡᠭᠡᠷ᠎ᠡ ᠪᠠᠶᠢᠭᠰᠠᠨ ᠭᠠᠭᠴᠠ ᠨᠠᠭᠠᠴᠤ ᠶᠢ ᠨᠢ ᠳᠠᠭᠠᠭᠤᠯᠤᠨ ᠣᠷᠣᠵᠤ ᠢᠷᠡᠪᠡ᠃ ᠰᠦᠷᠲᠦ | ᠳᠠᠷᠤᠭ᠎ᠠ ᠨᠠᠭᠠᠴᠤ ᠪᠠᠨ ᠨᠢᠳᠦᠨ ᠤ ᠪᠤᠯᠤᠩ ᠢᠶᠠᠷ ᠢᠶᠠᠨ ᠬᠠᠷᠠᠭ᠎ᠠ ᠪᠠᠨ ᠨᠠᠷᠢᠰᠬᠠᠨ ᠲᠣᠭᠤᠮᠰᠠᠷ ᠦᠭᠡᠶᠢᠬᠡᠨ ᠰᠢᠷᠪᠢᠨ | ᠬᠠᠷᠠᠬᠤ ᠵᠠᠭᠤᠷ᠎ᠠ ᠪᠠᠷᠢᠵᠤ ᠪᠠᠶᠢᠭᠰᠠᠨ ᠲᠣᠰᠣᠲᠠᠢ ᠳᠠᠯᠤ ᠨᠢ ᠭᠡᠨᠡᠳᠲᠡ ᠭᠠᠷ ᠠᠴᠠ ᠨᠢ ᠬᠠᠯᠲᠤᠷᠢᠨ ᠭᠠᠵᠠᠷ ᠲᠤ | ᠤᠨᠠᠬᠤ ᠬᠤᠭᠤᠷᠣᠨᠳᠤ ᠪᠠᠷᠠᠭᠤᠨ ᠭᠠᠷ ᠲᠠᠭᠠᠨ ᠠᠳᠬᠤᠭᠰᠠᠨ ᠬᠤᠷᠴᠠ ᠭᠢᠲᠤᠭ᠎ᠠ ᠳᠤ ᠵᠡᠭᠦᠨ ᠭᠠᠷ ᠤᠨ ᠬᠢᠨᠢ | ᠰᠤᠳᠠᠰᠤ ᠨᠢ ᠳᠠᠭᠠᠷᠢᠨ ᠬᠡᠷᠴᠢᠭᠳᠡᠵᠦ ᠲᠡᠷᠡᠬᠡᠨ ᠭᠱᠠᠨ ᠤᠯᠠᠭᠠᠨ ᠴᠢᠰᠤ ᠭᠤᠷᠳ᠋ ᠬᠢᠨ ᠰᠠᠴᠤᠷᠠᠭᠠᠳ ᠤᠯᠠᠨ ᠤ | ᠪᠥᠭᠡᠮ ᠱᠤᠤᠭᠢᠶᠠᠨ ᠪᠣᠯᠪᠠ᠃ ᠰᠦᠷᠲᠦ ᠳᠠᠷᠤᠭ᠎ᠠ ᠶᠢᠨ ᠭᠡᠯᠮᠡᠭᠳᠡᠵᠦ ᠶᠣᠣᠯᠠᠬᠤ ᠳᠠᠭᠤ ᠶᠠᠭᠤ ᠶᠠᠭᠤᠨ ᠠᠴᠠ | ᠬᠦᠴᠦᠲᠡᠢ ᠮᠥᠷᠲᠡᠭᠡᠨ ᠭᠤᠨᠢᠷᠬᠠᠯ ᠲᠠᠢ ᠰᠣᠨᠣᠰᠳᠠᠨ᠎ᠠ᠃ | ᠠᠰᠢᠭᠦᠢ᠂ ᠠᠵᠠ ᠳᠠᠭᠠᠷᠠᠵᠤ ᠲᠡᠷᠡ ᠠᠶᠢᠯ ᠤᠨ ᠡᠵᠡᠨ ᠨᠢ ᠬᠥᠳᠡᠭᠡ ᠶᠢᠨ ᠬᠥᠯ ᠨᠢᠴᠦᠭᠦᠨ ᠡᠮᠴᠢ | ᠶᠠᠪᠤᠭᠰᠠᠨ ᠢᠶᠠᠷ ᠳᠥᠭᠦᠮᠬᠡᠨ ᠢᠶᠠᠷ ᠡᠮ ᠵᠠᠰᠠᠯ ᠬᠢᠵᠦ ᠰᠢᠷᠬ᠎ᠠ ᠶᠢ ᠨᠢ ᠪᠣᠭᠤᠬᠤ ᠳᠤ ᠨᠥᠭᠦᠭᠡ ᠪᠣᠷᠣ | ᠪᠣᠷᠣᠭᠵᠢᠭᠤᠬᠠᠨ ᠭᠠᠭᠴᠠ ᠨᠠᠭᠠᠴᠤ ᠨᠢ ᠭᠠᠪᠰᠢᠭᠠᠶᠢᠯᠠᠨ ᠡᠭᠦᠷᠴᠦ ᠡᠷᠭᠦᠨ ᠪᠠᠶᠢᠵᠤ ᠲᠡᠷᠭᠡᠨ ᠳᠤᠨᠢ ᠭᠠᠷᠭᠠᠯ᠎ᠠ᠃ | ᠶᠠᠭᠤ ᠶᠠᠭᠠᠬᠢᠬᠤ ᠪᠠᠨ ᠦᠯᠦ ᠮᠡᠳᠡᠭᠰᠡᠨ ᠬᠠᠮᠲᠤ ᠢᠷᠡᠭᠰᠡᠳ ᠨᠢ ᠰᠡᠩᠳᠡ ᠮᠡᠩᠳᠡ ︽ᠬᠤᠲᠠ ᠶᠢᠨ ᠡᠮᠨᠡᠯᠭᠡ ᠵᠦᠭ | ᠬᠤᠷᠳᠤᠨ︕︾ ᠭᠡᠳ ᠲᠠᠭᠠᠨ ᠶᠠᠪᠤᠵᠠᠭᠠᠪᠠ᠃ ᠬᠤᠶᠢᠨ᠎ᠠ ᠠᠴᠠ ᠨᠢ ᠠᠬᠢᠮᠠᠭ ᠨᠠᠰᠤᠨ ᠤ ᠲᠡᠷᠡ ᠪᠦᠰᠡᠭᠦᠢ᠄ ︽ᠢᠱᠢ | ᠬᠥᠭᠡᠷᠦᠬᠦᠢ᠂ ᠪᠠᠷᠰ ᠰᠢᠩᠭᠢ ᠠᠪᠠᠭ᠎ᠠ ᠪᠠᠨ ᠳᠠᠭᠤᠷᠢᠶᠠᠬᠤ ᠪᠠᠷ ᠪᠠᠭᠠᠰᠤ ᠰᠢᠩᠭᠢ ᠨᠠᠭᠠᠴᠤ ᠪᠠᠨ ᠳᠠᠭᠤᠷᠢᠶᠠ ᠭᠡᠭᠴᠢ︾ | ᠭᠡᠵᠦ ᠥᠷᠦᠪᠳᠦᠯᠲᠠᠢ ᠨᠠᠮᠤᠭᠤᠬᠠᠨ ᠢᠶᠠᠷ ᠶᠠᠷᠢᠬᠤ ᠳᠤ ᠬᠤᠴᠣᠷᠤᠭᠰᠠᠨ ᠬᠥᠮᠥᠰ ᠨᠢ ᠰᠣᠨᠣᠰᠤᠭᠰᠠᠨ ᠡᠰᠡᠬᠦ ᠶᠢ | ᠮᠡᠳᠡᠭᠰᠡᠨ ᠦᠭᠡᠢ᠂ ᠲᠡᠷᠭᠡᠨ ᠤ ᠳᠦᠩᠭᠢᠨᠡᠭᠰᠡᠨ ᠳᠠᠭᠤ ᠪᠦᠦᠷ ᠲᠦᠦᠷᠬᠡᠨ ᠰᠣᠨᠣᠰᠳᠠᠵᠤ ᠬᠤᠯᠠᠳᠠᠨ᠎ᠠ᠃ | |