ᠲᠡᠰᠬᠢᠮ᠎ᠡ ᠬᠦᠢᠲᠡᠨ ᠠᠴᠠ ᠬᠠᠯᠠᠰᠢᠷᠠᠯ ᠦᠭᠡᠢ ᠠᠵᠢᠯᠯᠠᠵᠤ ᠵᠠᠮ ᠤᠨ ᠰᠠᠭᠠᠳ ᠦᠬᠡᠢ ᠨᠡᠪᠲᠡᠷᠡᠬᠦ ᠳᠤ ᠪᠠᠳᠣᠯᠠᠭ᠎ᠠ ᠬᠠᠩᠭᠠᠵᠤ ᠪᠠᠶᠢᠭ᠎ᠠ ᠡᠮᠡᠭᠳᠡᠢ ᠠᠵᠢᠯᠳᠠᠨ
ᠨᠡᠶᠢᠲᠡᠯᠡᠭᠰᠡᠨ ᠴᠠᠭ᠄
2023/12/25
  ᠲᠡᠰᠬᠢᠮ᠎ᠡ ᠬᠦᠢᠲᠡᠨ ᠠᠴᠠ ᠬᠠᠯᠠᠰᠢᠷᠠᠯ ᠦᠭᠡᠢ ᠠᠵᠢᠯᠯᠠᠵᠤ ᠵᠠᠮ ᠤᠨ ᠰᠠᠭᠠᠳ ᠦᠬᠡᠢ ᠨᠡᠪᠲᠡᠷᠡᠬᠦ ᠳᠤ ᠪᠠᠳᠣᠯᠠᠭ᠎ᠠ ᠬᠠᠩᠭᠠᠵᠤ ᠪᠠᠶᠢᠭ᠎ᠠ ᠡᠮᠡᠭᠳᠡᠢ ᠠᠵᠢᠯᠳᠠᠨ                                       ᠣᠶᠢᠷ᠎ᠠ ᠶᠢᠨ ᠡᠳᠦᠷ᠂ 306 ᠤᠯᠤᠰ ᠤᠨ ᠵᠠᠮ ᠳᠤ᠂ ᠪᠠᠷᠠᠭᠤᠨ ᠦᠵᠦᠮᠦᠴᠢᠨ ᠬᠤᠰᠢᠭᠤᠨ ᠤ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠲᠥᠪ ᠤᠨ ᠡᠮᠡᠭᠲᠡᠢ ᠠᠵᠢᠯᠲᠠᠨ ᠰᠢᠦᠢ ᠵᠢᠩ ᠴᠠᠰᠤ ᠠᠷᠢᠯᠭᠠᠬᠤ ᠲᠡᠷᠭᠡ ᠵᠢᠯᠣᠭᠤᠳᠤᠨ ᠶᠠᠭᠠᠷᠠᠯᠲᠠᠢ ᠠᠵᠢᠯᠯᠠᠵᠤ ᠪᠠᠶᠢᠯ᠎ᠠ᠃ ᠰᠢᠦᠢ ᠵᠢᠩ ᠡᠨᠡ ᠵᠢᠯ 42 ᠨᠠᠰᠤᠲᠠᠢ᠂ ᠲᠡᠷᠡ ᠠᠷᠠᠴᠢᠯᠠᠨ ᠬᠠᠮᠠᠭᠠᠯᠠᠬᠤ ᠲᠥᠪ ᠤᠨ 20 ᠭᠠᠷᠤᠢ ᠠᠵᠢᠯᠲᠠᠨ ᠤ ᠳᠣᠲᠣᠷᠠᠬᠢ ᠴᠤᠷ ᠤᠨ ᠭᠠᠭᠴᠠ ᠡᠮᠡᠭᠲᠡᠢ ᠠᠵᠢᠯᠲᠠᠨ ᠪᠠᠶᠢᠵᠤ᠂ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠡᠮᠦᠨ᠎ᠡ ᠹᠷᠣᠨᠲ ᠲᠤ ᠪᠠᠷᠤᠭ ᠠᠷᠪᠠᠨ ᠵᠢᠯ ᠠᠵᠢᠯᠯᠠᠵᠤ ᠪᠤᠢ᠃ ᠲᠡᠷᠡᠪᠡᠷ ᠠᠵᠢᠯ ᠳᠤ ᠭᠠᠷᠤᠭᠰᠠᠨ ᠴᠠᠭ ᠠᠴᠠ ᠪᠠᠨ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠠᠵᠢᠯ ᠳᠤ ᠨᠢᠭᠡᠨ ᠰᠡᠳᠬᠢᠯ ᠢᠶᠠᠷ ᠵᠢᠳᠬᠦᠵᠦ᠂ ᠠᠷᠠᠳ ᠣᠯᠠᠨ ᠤ ᠶᠠᠪᠤᠵᠤ ᠰᠠᠭᠤᠬᠤ ᠶᠢᠨ ᠠᠮᠤᠷ ᠲᠥᠪᠰᠢᠨ ᠤ ᠪᠠᠲᠤᠯᠠᠭ᠎ᠠ ᠳᠤ ᠳᠠᠭᠤ ᠦᠭᠡᠢ ᠵᠢᠳᠬᠦᠵᠦ ᠶᠠᠪᠤᠨ᠎ᠠ᠃   ᠣᠷᠴᠢᠮ ᠤᠨ ᠡᠳᠦᠷ ᠴᠠᠰᠤ ᠣᠷᠣᠬᠤ ᠳᠤ᠂ ᠰᠢᠦᠢ ᠵᠢᠩ ᠴᠠᠰᠤ ᠰᠢᠭᠤᠷᠭᠠᠨ ᠪᠣᠯ ᠳᠠᠷᠤᠢ ᠵᠠᠷᠯᠢᠭ ᠬᠡᠮᠡᠨ ᠦᠵᠡᠵᠦ᠂ ᠴᠠᠰᠤ ᠠᠷᠢᠯᠭᠠᠬᠤ ᠮᠠᠰᠢᠨ ᠤ ᠢᠪᠴᠤᠤ ᠥᠷᠥᠭᠡᠨ ᠳᠤ ᠠᠵᠢᠯᠯᠠᠬᠤ ᠳᠤ ᠱᠤᠤᠭᠢᠶ᠎ᠠ ᠳᠠᠭᠤᠨ ᠴᠤ ᠮᠠᠰᠢ ᠶᠡᠭᠡ ᠪᠠᠶᠢᠯ᠎ᠠ᠃ ᠭᠡᠪᠡᠴᠦ ᠲᠡᠷᠡ ᠵᠠᠰᠠᠮᠠᠯ ᠵᠠᠮ ᠤᠨ ᠠᠮᠤᠷ ᠲᠦᠪᠰᠢᠨ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠶᠢᠨ ᠲᠥᠯᠥᠭᠡ ᠬᠠᠮᠲᠤ ᠠᠵᠢᠯᠲᠠᠳ ᠲᠠᠢ ᠪᠠᠨ ᠦᠷᠭᠦᠯᠵᠢᠯᠡᠨ ᠵᠠᠮ ᠤᠨ ᠴᠠᠰᠤ ᠶᠢ ᠠᠷᠢᠯᠭᠠᠵᠤ᠂ ᠲᠡᠭ ᠠᠴᠠ ᠳᠣᠷᠣᠭᠰᠢ 20 ᠭᠠᠷᠤᠢ ᠭᠷᠡᠳᠦ᠋ᠰ ᠤᠨ ᠬᠦᠢᠲᠡᠨ ᠳᠤ ᠬᠠᠯᠠᠰᠢᠷᠠᠯ ᠦᠭᠡᠢ ᠠᠵᠢᠯᠯᠠᠭᠰᠠᠭᠠᠷ ᠪᠠᠶᠢᠯ᠎ᠠ᠃     ᠪᠡᠯᠡᠳᠬᠡᠯ ᠨᠠᠮ ᠤᠨ ᠭᠡᠰᠢᠭᠦᠨ ᠪᠣᠯᠣᠭᠰᠠᠨ ᠲᠡᠷᠡ᠄ ︽ᠴᠠᠰᠤ ᠰᠢᠭᠤᠷᠭ᠎ᠠ ᠲᠠᠢ ᠡᠨᠡᠬᠦ ᠬᠦᠢᠲᠡᠨ ᠴᠠᠭ ᠠᠭᠤᠷ ᠤᠨ ᠪᠠᠶᠢᠳᠠᠯ ᠳᠤ᠂ ᠪᠢᠳᠡ ᠡᠩ ᠤᠨ ᠡᠳᠦᠷ ᠠᠴᠠ ᠪᠠᠨ ᠡᠷᠲᠡᠯᠡᠵᠦ ᠠᠵᠢᠯᠯᠠᠬᠤ ᠬᠡᠷᠡᠭᠲᠡᠢ᠃ 6 ᠴᠠᠭ 50 ᠮᠢᠨᠦ᠋ᠲ ᠲᠤ ᠪᠢ ᠪᠠᠶᠢᠭᠤᠯᠭ᠎ᠠ ᠳᠠᠭᠠᠨ ᠬᠦᠷᠴᠦ᠂  ᠲᠡᠷᠭᠡ ᠪᠠᠨ ᠬᠠᠯᠠᠭᠠᠵᠤ᠂ ᠳᠠᠷᠠᠭ᠎ᠠ ᠨᠢ ᠲᠡᠷᠭᠡᠨ ᠬᠦᠷᠳᠦ᠂ ᠬᠥᠯᠳᠡᠬᠦ ᠠᠴᠠ ᠰᠡᠷᠭᠡᠶᠢᠯᠡᠬᠦ ᠰᠢᠩᠭᠡᠨ ᠵᠡᠷᠭᠡ ᠪᠠᠨ ᠨᠠᠷᠢᠨ  ᠪᠠᠶᠢᠴᠠᠭᠠᠭᠠᠳ 7 ᠴᠠᠭ 25 ᠮᠢᠨᠦ᠋ᠲ ᠲᠤ ᠵᠠᠪᠠᠯ ᠲᠤᠬᠠᠢ ᠶᠢᠨ ᠲᠠᠯᠠᠪᠤᠷ ᠲᠤ ᠬᠦᠷᠦᠭᠰᠡᠨ ᠪᠠᠶᠢᠬᠤ ᠬᠡᠷᠡᠭᠲᠡᠢ᠂ ᠴᠠᠰᠤ ᠣᠷᠣᠵᠤ ᠪᠠᠶᠢᠭᠰᠠᠨ ᠴᠤ ᠲᠡᠷᠭᠡ ᠪᠠᠨ ᠵᠣᠭᠰᠣᠭᠠᠵᠤ ᠪᠣᠯᠬᠤ ᠦᠭᠡᠢ᠂ ᠴᠠᠰᠤ ᠶᠢ ᠲᠦᠷᠭᠡᠨ ᠠᠷᠢᠯᠭᠠᠬᠤ ᠬᠡᠷᠡᠭᠲᠡᠢ︾ ᠭᠡᠵᠦ ᠡᠷᠡᠰ ᠰᠢᠭᠤᠷᠬᠠᠢ ᠬᠡᠯᠡᠪᠡ᠃   ᠲᠡᠷᠡ᠄ ︽ᠪᠢ ᠬᠠᠷᠠᠬᠠᠨ ᠪᠠᠭ᠎ᠠ ᠠᠴᠠ ᠪᠠᠨ ᠮᠠᠰᠢᠨ ᠮᠧᠬᠠᠨᠢᠭ ᠲᠤ ᠮᠠᠰᠢ ᠪᠠᠭ᠋ᠠᠲᠠᠢ᠂ ᠣᠨᠴᠠᠭᠠᠶᠢᠯᠠᠨ ᠪᠠᠷᠢᠯᠭ᠎ᠠ ᠶᠢᠨ ᠠᠵᠢᠯ ᠳᠤ ᠬᠡᠷᠡᠭᠯᠡᠳᠡᠭ ᠮᠠᠰᠢᠨ ᠳᠤ ᠪᠠᠭ᠋ᠠᠲᠠᠢ᠃ ᠪᠢ A2 ᠵᠢᠯᠣᠭᠤᠴᠢ ᠶᠢᠨ ᠦᠨᠡᠮᠯᠡᠯ᠂ ᠣᠨᠴᠠ ᠲᠦᠷᠦᠯ ᠤᠨ ᠮᠧᠬᠠᠨᠢᠭ ᠤᠨ ᠠᠵᠢᠯᠯᠠᠭᠠᠨ ᠤ ᠦᠨᠡᠮᠯᠡᠯ᠂ ᠠᠶᠠᠨᠴᠢᠳ ᠤᠨ ᠲᠡᠭᠡᠭᠡᠪᠦᠷᠢ ᠶᠢᠨ ᠬᠢᠷᠢ ᠬᠡᠮ ᠤᠨ ᠦᠨᠡᠮᠯᠡᠯ ᠢ ᠨᠢᠭᠡᠨᠲᠡ ᠠᠪᠴᠠᠢ︾ ᠭᠡᠬᠦ ᠳᠤ ᠲᠡᠭᠦᠨ ᠤ ᠬᠠᠮᠲᠤ ᠠᠵᠢᠯᠲᠠᠨ ᠰᠡᠴᠡᠨᠲᠦ᠄ ︽ᠡᠷᠭᠦᠭᠦᠷ ᠲᠡᠷᠭᠡ᠂ ᠴᠠᠰᠤᠨ ᠲᠦᠯᠬᠢᠬᠦ ᠮᠠᠰᠢᠨ᠂ ᠲᠠᠷᠢᠶᠠᠨ ᠡᠮ ᠰᠠᠴᠤᠬᠤ ᠮᠠᠰᠢᠨ᠂ ᠭᠤᠯᠭᠤᠬᠤ ᠠᠴᠠ ᠰᠡᠷᠭᠡᠶᠢᠯᠡᠬᠦ ᠮᠠᠲ᠋ᠧᠷᠢᠶᠠᠯ ᠲᠡᠭᠡᠭᠡᠵᠦ ᠠᠰᠬᠠᠬᠤ ᠮᠠᠰᠢᠨ ᠲᠡᠷᠭᠡ ᠶᠢ ᠪᠦᠷ ᠵᠢᠯᠤᠭᠤᠳᠴᠤ ᠴᠢᠳᠠᠨ᠎ᠠ᠂ ᠪᠠᠰᠠ ᠮᠠᠰᠢ ᠲᠡᠪᠴᠢᠶᠡᠷᠢᠲᠡᠢ ᠠᠵᠢᠯᠯᠠᠳᠠᠭ ᠰᠢᠤ︾ ᠭᠡᠵᠦ ᠬᠠᠵᠠᠭᠤ ᠠᠴᠠ ᠨᠢ ᠲᠠᠨᠢᠯᠴᠠᠭᠤᠯᠤᠯ᠎ᠠ᠃ ᠰᠢᠦᠢ ᠵᠢᠩ᠄ ︽ᠪᠢ ᠵᠠᠮ ᠠᠷᠠᠴᠢᠯᠠᠬᠤ ᠠᠵᠢᠯᠲᠠᠨ ᠤ ᠭᠡᠷ ᠲᠤ ᠲᠥᠷᠥᠭᠰᠡᠨ᠂ ᠮᠢᠨᠤ ᠠᠪᠤ ᠪᠣᠯ ᠵᠠᠰᠠᠮᠠᠯ ᠵᠠᠮ ᠤᠨ ᠠᠷᠠᠴᠢᠯᠠᠭᠴᠢ ᠶᠤᠮ︾ ᠭᠡᠵᠦ ᠡᠨᠡᠬᠦ ᠠᠵᠢᠯ ᠤᠨ ᠪᠠᠶᠢᠷᠢ  ᠲᠠᠢ ᠪᠠᠨ ᠬᠤᠪᠢ ᠪᠠᠷᠢᠯᠳᠤᠯᠭ᠎ᠠ ᠲᠠᠢ ᠪᠣᠯᠣᠭᠰᠠᠨ ᠲᠤᠬᠠᠢ ᠪᠠᠨ ᠢᠩᠭᠢᠵᠦ ᠶᠠᠷᠢᠯ᠎ᠠ᠃   ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠠᠵᠢᠯ ᠬᠦᠴᠢᠷ᠂ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠡᠮᠡᠭᠲᠡᠢ  ᠠᠵᠢᠯᠳᠠᠨ ᠪᠣᠯᠬᠤ ᠳᠤ ᠨᠡᠩ ᠬᠦᠴᠢᠷ ᠶᠤᠮ᠃ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠠᠵᠢᠯ ᠪᠣᠯ ᠨᠢᠭᠡ ᠵᠦᠢᠯ ᠤᠨ ᠬᠠᠮᠤᠭ ᠤᠨ ᠬᠦᠴᠢᠷ ᠲᠠᠢ᠂ ᠶᠠᠳᠠᠷᠠᠯᠲᠠᠢ ᠠᠵᠢᠯ ᠮᠥᠨ᠃ ᠠᠭᠠᠭᠢᠮ᠎ᠠ ᠬᠠᠯᠠᠭᠤᠨ᠂ ᠲᠡᠰᠬᠢᠮ᠎ᠡ ᠬᠦᠢᠲᠡᠨ ᠠᠯᠢ ᠴᠤ ᠤᠯᠠᠷᠢᠯ ᠳᠤ ᠵᠠᠮ ᠲᠠᠢ ᠬᠠᠨᠢᠯᠠᠵᠤ᠂ ᠬᠤᠭ ᠲᠣᠭᠤᠰᠣᠨ ᠳᠤ ᠳᠠᠷᠤᠭᠳᠠᠨ ᠠᠵᠢᠯᠯᠠᠬᠤ ᠨᠢ ᠡᠷᠡᠭᠲᠡᠢ ᠠᠵᠢᠯᠲᠠᠳ ᠲᠤ ᠠᠪᠴᠤ ᠬᠡᠯᠡᠭᠰᠡᠨ ᠴᠤ ᠲᠡᠶᠢᠮᠦ ᠬᠢᠯᠪᠡᠷ ᠪᠢᠰᠢ᠂ ᠡᠶᠢᠮᠦ ᠠᠴᠠ ᠨᠢᠭᠡᠨ ᠡᠮᠡᠭᠲᠡᠢ ᠠᠵᠢᠯᠲᠠᠨ ᠳᠤ ᠠᠪᠴᠤ ᠬᠡᠯᠡᠪᠡᠯ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠠᠵᠢᠯ ᠤᠨ ᠬᠦᠴᠢᠷ ᠤᠨ ᠬᠡᠮᠵᠢᠶ᠎ᠡ ᠨᠢ ᠨᠡᠩ ᠶᠡᠭᠡ ᠪᠣᠯᠬᠤ  ᠨᠢ ᠶᠠᠷᠢᠶᠠᠨ ᠦᠭᠡᠢ᠃ ᠭᠡᠪᠡᠴᠦ ᠰᠢᠦᠢ ᠵᠢᠩ ᠠᠵᠢᠯ ᠳᠤᠮᠳᠠ ᠪᠠᠨ ᠶᠡᠷᠦ ᠠᠴᠠ ᠬᠤᠶᠢᠰᠢ ᠰᠠᠭᠤᠳᠠᠭ ᠦᠭᠡᠢ᠃   ᠡᠨᠡ ᠵᠢᠯ ᠤᠨ 11 ᠰᠠᠷ᠎ᠠ ᠶᠢᠨ 9 ᠤ ᠡᠳᠦᠷ ᠪᠣᠯᠣᠭᠰᠠᠨ ᠨᠢᠭᠡᠨ ᠶᠠᠪᠤᠳᠠᠯ ᠢ ᠳᠤᠷᠠᠰᠬᠤ ᠳᠤ ᠲᠡᠷᠡ ᠮᠠᠰᠢ ᠰᠡᠳᠬᠢᠯ ᠬᠥᠳᠡᠯᠵᠦ ᠪᠠᠶᠢᠯ᠎ᠠ᠃ ᠲᠡᠷᠡ ᠡᠳᠦᠷ᠂ ᠰᠢᠦᠢ ᠵᠢᠩ ᠭᠠᠭᠴᠠᠭᠠᠷ ᠢᠶᠠᠨ ᠡᠮᠦᠨ᠎ᠡ ᠪᠠᠨ ᠳᠥᠷᠪᠡᠨ ᠮᠧᠲᠷ ᠬᠤᠷᠢ ᠶᠢᠨ ᠬᠤᠰᠤᠭᠤᠷ ᠲᠠᠢ ᠬᠥᠷᠪᠡᠭᠦᠯᠵᠤ ᠠᠰᠬᠠᠬᠤ ᠲᠣᠮᠣ ᠮᠠᠰᠢᠨ ᠳᠤ  ᠳᠦᠭᠦᠷᠡᠩ ᠴᠠᠰᠤ ᠬᠠᠶᠢᠯᠤᠭᠤᠯᠤᠭᠴᠢ ᠡᠳ᠋ ᠲᠡᠭᠡᠭᠡᠳ ᠬᠠᠬᠢᠷ ᠬᠦᠢᠲᠡᠨ ᠢ ᠬᠠᠶᠢᠬᠤᠷᠤᠯ ᠦᠭᠡᠢ ᠪᠠᠷ ᠬᠤᠰᠢᠭᠤᠨ ᠲᠥᠪ ᠠᠴᠠ ᠪᠠᠶᠠᠩᠬᠤᠸᠠ ᠪᠠᠯᠭᠠᠰᠤ ᠬᠦᠷᠲᠡᠯᠡᠬᠢ ᠴᠠᠰᠤ ᠶᠢ ᠴᠡᠪᠡᠷᠯᠡᠬᠦ ᠪᠠᠷ ᠮᠣᠷᠳᠠᠵᠠᠢ᠃ ᠦᠳᠡ ᠶᠢᠨ ᠦᠶ᠎ᠡ ᠪᠠᠷ ᠨᠢᠭᠡᠳᠦᠭᠡᠷ ᠠᠯᠠᠭ ᠦᠬᠡᠷ ᠤᠨ ᠲᠠᠯᠠᠪᠠᠢ ᠶᠢᠨ ᠣᠶᠢᠷᠠᠯᠴᠠᠭ᠎ᠠ  ᠬᠦᠷᠴᠦ᠂ ᠲᠡᠷᠭᠡ ᠪᠠᠨ ᠵᠢᠯᠤᠭᠤᠳᠬᠤ ᠶᠢᠨ ᠳᠠᠭᠠᠤ ᠴᠠᠰᠤ ᠬᠠᠶᠢᠯᠤᠭᠤᠯᠤᠭᠴᠢ ᠡᠳ᠋ ᠢ ᠰᠠᠴᠤᠪᠠ᠃ ᠲᠡᠷᠡ ᠡᠳᠦᠷ ᠠᠭᠤᠷ ᠠᠮᠢᠰᠬᠤᠯ ᠲᠣᠩ ᠬᠦᠢᠲᠡᠨ ᠪᠠᠶᠢᠭᠰᠠᠨ ᠲᠤᠯᠠ᠂ ᠰᠢᠦᠢ ᠵᠢᠩ ᠤᠨ ᠲᠡᠷᠭᠡᠨ ᠳᠣᠲᠣᠷᠠᠬᠢ ᠴᠠᠶᠢᠶ᠋ᠢᠦ ᠲᠣᠰᠣ ᠨᠢ ᠴᠠᠷᠴᠠᠵᠤ᠂ ᠲᠣᠰᠣ ᠤᠰᠤ ᠶᠢ ᠢᠯᠭᠠᠷᠠᠭᠤᠯᠬᠤ ᠳᠦᠬᠦᠭᠡᠷᠦᠮᠵᠢ ᠨᠢ ᠴᠤ ᠬᠥᠯᠳᠡᠭᠡᠳ ᠲᠡᠷᠭᠡ ᠨᠢ ᠶᠠᠪᠤᠵᠤ ᠴᠢᠳᠠᠬᠤ ᠦᠭᠡᠢ ᠪᠣᠯᠪᠠ᠃ ᠰᠢᠦᠢ ᠵᠢᠩ ᠲᠡᠷᠡ ᠳᠠᠷᠤᠢ ᠳᠤᠨᠢ ᠪᠠᠶᠢᠭᠤᠯᠭ᠎ᠠ ᠶᠢᠨ  ᠢᠶᠠᠨ ᠤᠳᠤᠷᠢᠳᠤᠯᠭ᠎ᠠ ᠲᠠᠢ ᠬᠠᠷᠢᠯᠴᠠᠵᠤ ᠪᠠᠶᠢᠳᠠᠯ ᠢᠶᠠᠨ ᠬᠡᠯᠡᠬᠦ ᠳᠤ᠂ ᠤᠳᠤᠷᠢᠳᠤᠯᠭ᠎ᠠ ᠨᠢ ᠳᠠᠷᠤᠶᠢᠬᠠᠨ ᠵᠠᠰᠠᠪᠤᠷᠢ ᠶᠢᠨ ᠠᠵᠢᠯᠲᠠᠨ ᠲᠣᠮᠢᠯᠠᠪᠠ᠃ ᠡᠨᠡ ᠦᠶ᠎ᠡ ᠳᠤ  ᠲᠡᠷᠭᠡ ᠨᠢ ᠨᠢᠭᠡᠨᠲᠡ ᠤᠨᠲᠠᠷᠠᠭᠰᠠᠨ ᠲᠤᠯᠠ᠂ ᠰᠢᠦᠢ ᠵᠢᠩ ᠬᠦᠢᠲᠡᠨ ᠲᠡᠷᠭᠡᠨ ᠳᠤ ᠰᠡᠯᠪᠢᠨ ᠵᠠᠰᠠᠭᠴᠢ ᠶᠢᠨ ᠬᠦᠷᠴᠦ ᠢᠷᠡᠬᠦ ᠶᠢ ᠬᠦᠯᠢᠶᠡᠵᠦ ᠪᠠᠶᠢᠪᠠ᠃ ᠪᠦᠬᠦᠶᠢᠯᠡ ᠠᠵᠢᠯ  ᠢᠶᠠᠨ ᠬᠢᠵᠦ ᠳᠠᠭᠤᠰᠬᠠᠲᠠᠯ᠎ᠠ ᠨᠢᠭᠡᠨᠲᠡ ᠰᠥᠨᠢ ᠶᠢᠨ ᠠᠷᠪᠠᠨ ᠬᠤᠶᠠᠷ ᠴᠠᠭ ᠬᠠᠭᠠᠰ ᠪᠣᠯᠣᠭᠰᠠᠨ ᠪᠠᠶᠢᠯ᠎ᠠ᠃   ᠪᠠᠷᠠᠭᠤᠨ ᠦᠵᠦᠮᠦᠴᠢᠨ ᠬᠤᠰᠢᠭᠤᠨ ᠤ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠲᠥᠪ ᠤᠨ ᠠᠵᠢᠯᠲᠠᠨ ᠰᠢᠤᠢ ᠵᠢᠩ᠄ᠠᠵᠢᠯ ᠤᠨ ᠶᠠᠪᠣᠴᠠ ᠳᠠᠭᠠᠨ᠂ ᠲᠡᠷᠭᠡ ᠤᠨᠤᠭ᠎ᠠ ᠨᠢ ᠰᠠᠭᠠᠲᠠᠭᠰᠠᠨ ᠬᠦᠮᠦᠰ ᠪᠤᠶᠤ ᠵᠠᠮ ᠲᠦᠭᠵᠢᠷᠡᠭᠰᠡᠨ ᠪᠠᠶᠢᠳᠠᠯ ᠣᠯᠠᠨ ᠲᠠᠭᠠᠷᠠᠯᠳᠤᠳᠠᠭ᠂ ᠲᠡᠳᠡᠨ ᠳᠤ ᠬᠠᠪᠰᠤᠷᠤᠨ ᠲᠡᠷᠭᠡ ᠤᠨᠤᠭ᠎ᠠ᠂ ᠵᠠᠮ ᠬᠠᠷᠢᠯᠴᠠᠭ᠎ᠠ ᠶᠢ ᠨᠢ ᠨᠡᠪᠲᠡᠷᠡᠭᠦᠯᠦᠭᠡᠳ ᠥᠭᠪᠡᠯ ᠳᠣᠲᠣᠷ᠎ᠠ ᠮᠠᠰᠢ ᠠᠶᠠᠲᠠᠢ ᠰᠠᠨᠠᠭᠳᠠᠳᠠᠭ᠂ ᠪᠠᠰᠠ ᠲᠤᠩ ᠣᠳᠬ᠎ᠠ ᠠᠭᠤᠯᠭ᠎ᠠ ᠲᠠᠢ᠃   11 ᠰᠠᠷ᠎ᠠ ᠶᠢᠨ 17 ᠤ ᠡᠳᠦᠷ᠂ ᠰᠢᠦᠢ ᠵᠢᠩ ᠮᠥᠨ ᠳᠤᠭᠤᠶᠢᠯᠠᠩ ᠤᠨ ᠢᠶᠠᠨ ᠬᠠᠮᠲᠤ ᠠᠵᠢᠯᠲᠠᠨ ᠰᠡᠴᠡᠨᠲᠦ  ᠲᠠᠢ ᠬᠠᠮᠲᠤ ᠵᠠᠮ ᠤᠨ ᠴᠠᠰᠤ ᠠᠷᠢᠯᠭᠠᠭᠠᠳ ᠪᠠᠷᠠᠭᠤᠨ ᠰᠦᠢᠳᠬᠡᠯ ᠬᠤᠷᠢᠶᠠᠬᠤ ᠥᠷᠲᠡᠭᠡᠨ ᠠᠴᠠ ᠪᠤᠴᠠᠵᠤ ᠢᠷᠡᠬᠦ ᠵᠠᠮ ᠳᠤ᠂ ᠨᠢᠭᠡᠨ ᠮᠠᠰᠢᠨ ᠲᠡᠷᠭᠡ ᠴᠠᠰᠤᠨ ᠳᠤᠮᠳᠠ ᠰᠠᠭᠠᠲᠠᠭᠠᠳ ᠪᠠᠶᠢᠬᠤ ᠲᠠᠢ ᠲᠠᠭᠠᠷᠠᠯᠳᠤᠪᠠ᠂ ᠲᠡᠷᠡ ᠰᠡᠴᠡᠨᠲᠦ  ᠲᠠᠢ ᠬᠠᠮᠲᠤ ᠲᠡᠷᠭᠡᠨ ᠠᠴᠠ ᠪᠠᠨ ᠪᠠᠭᠤᠵᠤ ᠲᠡᠷᠭᠡᠨ ᠤ ᠡᠵᠡᠨ ᠳᠤ ᠲᠤᠰᠠᠯᠠᠪᠠ᠃ ᠰᠢᠦᠢ ᠵᠢᠩ᠄ ︽ᠡᠶᠢᠮᠦᠷᠬᠦᠦ ᠠᠪᠤᠷᠠᠨ ᠲᠤᠰᠠᠯᠠᠬᠤ ᠠᠵᠢᠯ ᠪᠠᠷᠤᠭ ᠡᠳᠦᠷ ᠪᠣᠯᠭᠠᠨ ᠲᠣᠬᠢᠶᠠᠯᠳᠤᠳᠠᠭ᠂ ᠠᠪᠤᠷᠠᠨ ᠲᠤᠰᠠᠯᠠᠬᠤ ᠪᠣᠯ ᠪᠢᠳᠡᠨ ᠤ ᠬᠢᠪᠡᠰᠦ ᠵᠣᠬᠢᠬᠤ ᠵᠦᠢᠯ ᠶᠤᠮ︾ ᠭᠡᠵᠦ ᠢᠯᠡᠷᠬᠡᠶᠢᠯᠡᠵᠦ ᠪᠠᠶᠢᠯ᠎ᠠ᠃ ᠲᠡᠷᠡ ᠬᠡᠳᠦᠶᠢᠪᠡᠷ ᠡᠳᠦᠷ ᠪᠦᠷᠢ ᠶᠠᠭᠠᠷᠠᠤ ᠪᠠᠶᠢᠳᠠᠭ ᠪᠣᠯᠪᠠᠴᠤ ᠬᠠᠮᠲᠤ ᠠᠵᠢᠯᠲᠠᠳ ᠢᠶᠠᠨ ᠴᠤ ᠴᠢᠳᠠᠯ ‍ᠤᠨ‌‍ᠬᠢᠷᠢ ᠪᠠᠷ ᠢᠶᠠᠨ ᠬᠠᠪᠰᠤᠷᠳᠠᠭ᠃ ︽ᠮᠠᠰᠢᠨ ᠤ ᠠᠵᠢᠯᠲᠠᠳ ᠢ ᠬᠠᠪᠰᠤᠷᠤᠨ ᠬᠤᠪᠴᠠᠰᠤ ᠬᠤᠨᠠᠷ ᠤᠬᠢᠶᠠᠬᠤ᠂ ᠱᠠᠬᠠᠢ ᠤᠬᠢᠶᠠᠬᠤ᠂ ᠠᠮᠠᠷᠠᠬᠤ ᠦᠷᠦᠭᠡ ᠶᠢ ᠲᠢᠭᠯᠡᠵᠦ ᠴᠡᠪᠡᠷᠯᠡᠬᠦ ᠵᠡᠷᠭᠡ ᠠᠵᠢᠯ ᠢ ᠲᠡᠷᠡ ᠪᠦᠬᠦᠨ ᠢ ᠬᠢᠴᠢᠬᠡᠳᠡᠭ︾ ᠭᠡᠵᠦ ᠰᠡᠴᠡᠨᠲᠦ ᠰᠡᠳᠬᠢᠯ ᠬᠥᠳᠡᠯᠦᠨ ᠬᠡᠯᠡᠨ᠎ᠡ᠃ ᠵᠠᠰᠠᠮᠠᠯ ᠵᠠᠮ ᠤᠨ ᠦᠢᠯᠡᠰ ᠢ ᠬᠠᠮᠤᠭ ᠠᠴᠠ ᠢᠯᠡᠭᠦᠦ ᠳᠡᠭᠡᠳᠦᠯᠡᠳᠡᠭ ᠲᠡᠷᠡᠪᠡᠷ᠂ ᠭᠡᠷ ᠤᠨ ᠬᠥᠮᠥᠰ ᠤᠨ ᠢᠶᠠᠨ ᠤᠶᠢᠯᠠᠭᠠᠯᠳᠠ ᠳᠡᠮᠵᠢᠯᠭᠡ ᠶᠢ ᠴᠤ ᠣᠯᠣᠭᠰᠠᠨ ᠪᠠᠶᠢᠳᠠᠭ᠃ ᠲᠡᠷᠡ ᠬᠦᠴᠦ ᠬᠥᠯᠥᠰᠦ᠂ ᠬᠠᠯᠠᠭᠤᠨ ᠰᠡᠳᠬᠢᠯ ᠢᠶᠠᠨ ᠲᠤᠷᠠᠲᠠᠢ ᠪᠠᠭ᠋ᠠᠲᠠᠢ ᠦᠢᠯᠡᠰ ᠤᠨ ᠢᠶᠠᠨ ᠲᠦᠯᠦᠭᠡ ᠬᠠᠷᠠᠮ ᠦᠭᠡᠢ ᠶᠡᠬᠦᠯᠡᠵᠦ ᠶᠠᠪᠤᠨ᠎ᠠ ᠁
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号