ᠬᠤᠷᠣᠬᠠᠢ ᠲᠠᠭᠤᠬᠤ ᠰᠠᠶᠢᠨ ᠡᠪᠡᠰᠦᠨ ᠡᠮ
ᠨᠡᠶᠢᠲᠡᠯᠡᠭᠰᠡᠨ ᠴᠠᠭ᠄
2023/12/19
                 ᠬᠤᠷᠣᠬᠠᠢ ᠲᠠᠭᠤᠬᠤ ᠰᠠᠶᠢᠨ ᠡᠪᠡᠰᠦᠨ ᠡᠮ   ⒈ ᠨᠠᠪᠴᠢᠨ ᠲᠠᠮᠠᠬᠢ᠃ ᠨᠠᠪᠴᠢᠨ ᠲᠠᠮᠠᠬᠢ ᠨᠢ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠪᠠ ᠭᠡᠷ ᠤᠨ ᠲᠡᠵᠢᠭᠡᠪᠦᠷᠢ ᠶᠢᠨ ᠪᠦᠭᠡᠰᠦ ᠶᠢ ᠠᠯᠠᠬᠤ ᠴᠢᠳᠠᠪᠤᠷᠢ ᠲᠠᠢ᠃ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠳᠤ᠂ ᠨᠠᠪᠴᠢᠨ ᠲᠠᠮᠠᠬᠢ ᠪᠠᠨ ᠨᠠᠷᠢᠨ ᠲᠠᠯᠬᠠᠳᠠᠭᠠᠳ ᠪᠣᠷᠳᠣᠭᠠᠨ ᠳᠤᠨᠢ 2% ᠢᠶᠠᠷ ᠬᠤᠯᠢᠵᠤ᠂ ᠡᠳᠦᠷ ᠲᠤ ᠬᠤᠶᠠᠷ ᠤᠳᠠᠭ᠎ᠠ᠂ 4 - 5 ᠡᠳᠦᠷ ᠳᠠᠷᠠᠭᠠᠯᠠᠨ ᠲᠡᠵᠢᠭᠡᠨ᠎ᠡ᠃ ᠪᠥᠭᠡᠰᠦ ᠠᠯᠠᠬᠤ ᠳᠤ᠂ ᠣᠰᠣᠨ ᠳᠣᠲᠣᠷ᠎ᠠ 2 - 5% ᠪᠠᠷ ᠬᠢᠵᠦ ᠪᠤᠴᠠᠯᠭᠠᠭᠠᠳ ᠬᠥᠷᠦᠭᠰᠡᠨ ᠤ ᠬᠤᠶᠢᠨ᠎ᠠ ᠪᠡᠶ᠎ᠡ ᠳᠡᠭᠡᠷ᠎ᠡ ᠨᠢ ᠰᠦᠷᠴᠢᠬᠦ ᠪᠤᠶᠤ ᠱᠤᠸᠠᠵᠠᠳᠠᠨ᠎ᠠ᠃  ⒉ ᠪᠢᠩᠯᠠᠩ᠃ ᠲᠠᠬᠢᠶ᠎ᠠ᠂ ᠨᠤᠭᠤᠰᠤ ᠪᠠ ᠭᠠᠯᠠᠭᠤ ᠶᠢᠨ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠳᠤ ᠰᠠᠶᠢᠨ᠃ ᠪᠦᠳᠦᠭᠦᠨ ᠲᠠᠬᠢᠶ᠎ᠠ ᠶᠢ ᠡᠮᠨᠡᠬᠦ ᠳᠡᠭᠡᠨ᠂ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤ ᠨᠢᠭᠡ ᠭᠷᠡᠮ ᠪᠤᠴᠠᠯᠭᠠᠵᠤ ᠣᠩᠭᠤᠯᠠᠢ ᠳᠤᠨᠢ ᠴᠢᠳᠬᠤᠨ᠎ᠠ᠃ ᠨᠤᠭᠤᠰᠤ ᠪᠠ ᠭᠠᠯᠠᠭᠤ ᠪᠣᠯ ᠪᠢᠩᠯᠠᠩ ᠳᠤ ᠨᠡᠯᠢᠶᠡᠳ ᠰᠡᠷᠭᠡᠭ ᠪᠣᠯᠬᠤᠷ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤᠨᠢ 0.75 ᠭᠷᠡᠮ ᠢᠶᠠᠷ ᠠᠭᠰᠢᠷᠠᠲᠠᠯ᠎ᠠ ᠪᠤᠴᠠᠯᠭᠠᠭᠠᠳ ᠤᠤᠭᠤᠯᠭᠠᠨ᠎ᠠ᠃ ᠳᠣᠯᠤᠭᠠᠨ ᠬᠤᠨᠤᠭ ᠤᠨ ᠳᠠᠷᠠᠭ᠎ᠠ ᠲᠠᠬᠢᠨ ᠨᠢᠭᠡ ᠤᠳᠠᠭ᠎ᠠ ᠤᠤᠭᠤᠯᠭᠠᠪᠠᠯ ᠪᠦᠷᠢᠮᠦᠰᠦᠨ ᠡᠮᠨᠡᠵᠦ ᠳᠡᠶᠢᠯᠦᠨ᠎ᠡ᠃         ⒊ ᠯᠠᠩᠭᠤᠸᠠ ᠶᠢᠨ ᠦᠷ᠎ᠡ᠃ ᠡᠭᠦᠨ ᠢ ᠨᠠᠷᠢᠨ ᠲᠠᠯᠬᠠᠳᠠᠭᠠᠳ ᠪᠣᠷᠳᠣᠭᠠᠨ ᠳᠣᠲᠣᠷ᠎ᠠ ᠨᠢ ᠬᠤᠯᠢᠵᠤ ᠭᠠᠯᠠᠭᠤᠨ ᠳᠤ ᠢᠳᠡᠭᠦᠯᠪᠡᠯ ᠬᠠᠪᠲᠠᠭᠠᠢ ᠴᠠᠭᠠᠨ ᠬᠤᠷᠣᠬᠠᠢ ᠶᠢ ᠲᠠᠭᠤᠳᠠᠭ᠃ ᠭᠡᠬᠦ ᠳᠡᠭᠡᠨ ᠪᠦᠳᠦᠭᠦᠨ ᠭᠠᠯᠠᠭᠤᠨ ᠳᠤ 50 ᠭᠷᠡᠮ ᠯᠠᠩᠭᠤᠸᠠ ᠶᠢᠨ ᠦᠷ᠎ᠡ ᠶᠢ ᠪᠣᠷᠳᠣᠭᠠᠨ ᠳᠤᠨᠢ ᠬᠤᠯᠢᠵᠤ ᠢᠳᠡᠭᠦᠯᠦᠨ᠎ᠡ᠃   ⒋ ᠹᠦᠯᠮᠢ᠃ ᠹᠥᠯᠮᠢ ᠶᠢᠨ ᠳᠣᠲᠣᠷ᠎ᠠ ᠤᠭᠤᠷᠠᠭ ᠤᠨ ᠢᠰᠬᠡᠭᠦᠷ ᠠᠭᠤᠯᠤᠭᠳᠠᠵᠤ ᠪᠠᠶᠢᠬᠤ ᠪᠣᠯᠬᠤᠷ ᠵᠢᠭᠦᠷᠲᠡᠨ ᠤ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠦᠢᠯᠡᠳᠦᠯ ᠲᠠᠢ᠃ ᠪᠦᠳᠦᠭᠦᠨ ᠵᠢᠭᠦᠷᠲᠡᠨ ᠳᠤ 2 - 4 ᠭᠷᠡᠮ ᠹᠥᠯᠮᠢ ᠶᠢ ᠨᠠᠷᠢᠨ ᠲᠠᠯᠬᠠᠳᠠᠭᠠᠳ ᠬᠥᠷᠥᠭᠡᠭᠰᠡᠨ ᠪᠤᠴᠠᠯᠤᠭᠰᠠᠨ ᠤᠰᠤ ᠪᠠᠷ ᠨᠠᠶᠢᠷᠠᠭᠤᠯᠤᠨ ᠤᠤᠭᠤᠯᠭᠠᠨ᠎ᠠ᠃ ᠹᠦᠯᠮᠢ ᠨᠢ ᠬᠠᠯᠠᠭᠤᠨ ᠳᠤ ᠬᠢᠯᠪᠡᠷ ᠵᠠᠳᠠᠷᠠᠳᠠᠭ᠃        ⒌ ᠪᠤᠮᠤᠭ ᠴᠡᠴᠡᠭ᠃ ᠪᠣᠮᠤᠭ ᠴᠡᠴᠡᠭ ᠨᠢ ᠪᠥᠭᠡᠰᠦ ᠪᠠ ᠬᠢᠯᠭᠠᠰᠤᠨ ᠴᠠᠭᠠᠨ ᠬᠤᠷᠣᠬᠠᠢ ᠶᠢ ᠠᠯᠠᠬᠤ ᠴᠢᠳᠠᠪᠤᠷᠢ ᠲᠠᠢ᠃ ᠪᠥᠭᠡᠰᠦ ᠠᠯᠠᠬᠤ ᠳᠤ 20% ᠶᠢᠨ ᠰᠫᠢᠷᠲ ᠲᠤ ᠳᠡᠪᠲᠦᠭᠡᠭᠡᠳ ᠲᠡᠵᠢᠭᠡᠪᠦᠷᠢ ᠶᠢᠨ ᠪᠡᠶ᠎ᠡ ᠳᠡᠭᠡᠷ᠎ᠡ ᠰᠦᠷᠴᠢᠬᠦ ᠪᠤᠶᠤ ᠱᠤᠸᠠᠵᠠᠳᠠᠨ᠎ᠠ᠃ ᠮᠣᠷᠢᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ 50% ᠶᠢᠨ ᠣᠰᠣᠨ ᠬᠠᠨᠳᠠ ᠶᠢ 200 ᠮᠢᠯᠯᠢᠯᠢᠳ᠋ᠷ ᠪᠤᠷᠭᠤᠶᠢᠳᠠᠨ ᠡᠮᠨᠡᠵᠦ ᠪᠣᠯᠣᠨ᠎ᠠ᠃    ⒍ ᠬᠤᠷᠠᠭᠠᠨ ᠪᠥᠭᠡᠷ᠎ᠡ᠃ ᠡᠭᠦᠨ ᠢᠶᠠᠷ ᠮᠣᠷᠢ᠂ ᠯᠠᠭᠤᠰᠠ᠂ ᠡᠯᠵᠢᠭᠡᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ ᠲᠤᠩ ᠰᠠᠶᠢᠨ ᠪᠠᠶᠢᠳᠠᠭ᠃ 50% ᠶᠢᠨ ᠤᠰᠤᠨ ᠬᠠᠨᠳᠠ ᠳᠤ 200 ᠮᠢᠯᠯᠢᠯᠢᠳ᠋ᠷ ᠢᠶᠠᠷ ᠪᠤᠷᠭᠤᠶᠢᠳᠠᠨ ᠡᠮᠨᠡᠨ᠎ᠡ᠃ ︽ᠮᠠᠯ ᠲᠠᠷᠢᠶᠠᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ
 
ᠢᠷᠡᠯᠲᠡ᠄ ᠬᠢᠩᠭᠠᠨ ᠠᠢᠮᠠᠭ ᠤᠨ ᠵᠠᠬᠢᠷᠭ᠎ᠠ ᠶᠢᠨ ᠮᠣᠩᠭᠤᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号