ᠵᠢᠷ ᠤᠨ ᠭᠤᠤᠯ ᠪᠠᠯᠭᠠᠰᠤ ᠭᠠᠳᠡᠬᠰᠢ ᠭᠠᠷᠴᠤ ᠲᠤᠭᠤᠷᠢᠨ ᠰᠣᠷᠣᠯᠴᠠᠬᠤ ᠶᠢ ᠠᠳᠬᠤᠵᠤ ᠲᠠᠯ᠎ᠠ ᠨᠤᠳᠤᠭ ᠤᠨ ᠮᠠᠯ ᠠᠵᠦ ᠠᠬᠤᠢ ᠶᠢᠨ  ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ  ᠠᠵᠢᠯ ᠢ ᠪᠦᠬᠦ ᠲᠠᠯ᠎ᠠ ᠪᠠᠷ ᠠᠬᠢᠭᠤᠯᠵᠦ ᠪᠤᠢ
ᠨᠡᠶᠢᠲᠡᠯᠡᠭᠰᠡᠨ ᠴᠠᠭ᠄
2023/12/18
  ᠵᠢᠷ ᠤᠨ ᠭᠤᠤᠯ ᠪᠠᠯᠭᠠᠰᠤ ᠭᠠᠳᠡᠬᠰᠢ ᠭᠠᠷᠴᠤ ᠲᠤᠭᠤᠷᠢᠨ ᠰᠣᠷᠣᠯᠴᠠᠬᠤ ᠶᠢ ᠠᠳᠬᠤᠵᠤ ᠲᠠᠯ᠎ᠠ ᠨᠤᠳᠤᠭ ᠤᠨ ᠮᠠᠯ ᠠᠵᠦ ᠠᠬᠤᠢ ᠶᠢᠨ  ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ  ᠠᠵᠢᠯ ᠢ ᠪᠦᠬᠦ ᠲᠠᠯ᠎ᠠ ᠪᠠᠷ ᠠᠬᠢᠭᠤᠯᠵᠦ ᠪᠤᠢ                                                                           ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤ ᠲᠠᠯ᠎ᠠ ᠨᠤᠳᠤᠭ ᠤᠨ ᠮᠠᠯ ᠠᠵᠦ ᠠᠬᠤᠢ  ᠶᠢᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠠᠬᠢᠴᠠ ᠶᠢ ᠤᠯᠠᠮ ᠲᠦᠷᠬᠡᠤᠡᠬᠡᠵᠦ᠂ ᠤᠯᠡᠮᠵᠢᠯᠠᠯᠳᠦ ᠲᠠᠯ᠎ᠠ ᠨᠤᠳᠤᠭ ᠤᠨ ᠮᠠᠯ ᠠᠵᠦ ᠠᠬᠤᠢ ᠶᠢ ᠤᠳᠤᠬᠢᠴᠢᠯᠠᠬᠰᠡᠨ ᠠᠮᠢ ᠠᠬᠤᠢ ᠶᠢᠨ ᠮᠠᠯ ᠠᠵᠦ ᠠᠬᠤᠢ ᠲᠡᠰᠢ ᠬᠤᠪᠢᠷᠠᠭᠤᠯᠬᠤ ᠶᠢ ᠢᠳᠡᠪᠬᠢᠳᠡᠢ ᠠᠬᠢᠭᠤᠯᠬᠤ ᠶᠢᠨ  ᠲᠣᠰᠠᠳᠠ  ᠂ ᠦᠢᠷ᠎ᠠ ᠳᠤ  ᠂ ᠵᠢᠷ ᠤᠨ ᠭᠤᠤᠯ ᠪᠠᠯᠭᠠᠰᠤ ᠲᠤᠭᠤᠷᠢᠨ ᠰᠣᠷᠣᠯᠴᠠᠬᠤ ᠲᠤᠭᠤᠶᠢᠯᠠᠩ  ᠵᠤᠬᠢᠶᠠᠨ ᠪᠠᠶᠢᠭᠤᠯᠵᠦ᠂ ᠬᠦᠬᠡᠬᠤᠳᠡ ᠶᠢᠨ ᠬᠤᠷᠢᠡᠬᠡᠷ ᠰᠢᠶᠡᠨ᠂ ᠤᠯᠠᠭᠠᠠᠴᠠᠪ ᠬᠤᠳᠡ ᠶᠢᠨ ᠯᠢᠶᠠᠩᠴᠸᠡᠭ ᠰᠢᠶᠡᠨ᠂ ᠤᠯᠠᠭᠠᠠᠴᠠᠪ ᠬᠤᠳᠡ ᠶᠢᠨ  ᠬᠤᠸᠠ ᠳ᠋ᠧ ᠰᠢᠶᠡᠨ᠂ ᠰᠢᠯᠤᠭᠤᠨ ᠬᠦᠪᠡᠬᠡᠳᠦ ᠴᠠᠭᠠᠨ ᠬᠤᠰᠢᠭᠤ᠂ ᠰᠢᠯᠤᠭᠤᠨ ᠬᠦᠬᠡ  ᠬᠤᠰᠢᠭᠤᠨ ᠳᠤ ᠬᠦᠷᠴᠦ  ᠂ ᠡᠪᠡᠰᠦ ᠪᠤᠷᠳᠤᠭ᠎ᠠ ᠪᠤᠯᠪᠠᠰᠤᠷᠠᠭᠤᠯᠬᠤ᠂ ᠰᠠᠶᠢᠨ ᠡᠬᠦᠯᠳᠡᠷ ᠤᠨ ᠦᠬᠡᠷ ᠲᠡᠵᠢᠬᠡᠨ ᠦᠷᠡᠵᠢᠬᠦᠯᠬᠦ᠂ ᠭᠠᠴᠠᠭ᠎ᠠ ᠲᠤᠰᠬᠤᠨ ᠤ ᠬᠠᠮᠳᠦ ᠶᠢᠨ ᠠᠵᠦ ᠠᠬᠤᠢ ᠶᠢᠨ ᠬᠦᠭᠵᠢᠯᠳᠡ ᠵᠡᠷᠬᠡ ᠠᠵᠢᠯ ᠤᠨ ᠲᠠᠯ᠎ᠠ ᠪᠠᠷ  ᠰᠣᠳᠣᠯᠣᠨ ᠰᠤᠷᠤᠯᠴᠠᠪᠠ᠃     ᠰᠤᠷᠤᠯᠴᠠᠬᠤ ᠲᠤᠭᠤᠶᠢᠯᠡᠩ ᠤᠨ ᠬᠢᠨ ᠤᠷᠢᠤᠨ ᠬᠤᠵᠢᠤᠨ ᠰᠢᠯᠤᠭᠤᠨ ᠬᠦᠬᠡ ᠬᠤᠰᠢᠭᠤᠨ ᠤ   ︽ᠰᠠᠶᠢᠨ ᠮᠠᠯᠴᠢᠨ  ︾ ᠲᠡᠵᠢᠬᠡᠪᠦᠷᠢ ᠶᠢᠨ ᠲᠤᠰᠬᠠᠢ ᠬᠤᠷᠰᠢᠶᠠᠵᠢᠯ᠂ ᠰᠢᠯᠤᠭᠤᠨ ᠬᠦᠬᠡ ᠬᠤᠰᠢᠭᠤᠨ ᠤ ᠱᠠᠩᠳᠦ ᠪᠠᠯᠭᠠᠰᠤᠨ ᠤ  ︽ᠠᠯᠳᠡᠨ ᠡᠮᠡᠬᠡᠯ  ︾ ᠬᠡᠷ ᠪᠦᠯᠢ ᠶᠢᠨ ᠮᠠᠯᠵᠢᠯ ᠤᠨ ᠲᠠᠯᠠᠪᠠᠢ᠂ ᠰᠢᠯᠤᠭᠤᠨ ᠬᠦᠪᠡᠬᠡᠳᠦ ᠴᠠᠭᠠᠨ ᠬᠤᠰᠢᠭᠤᠨ ᠤ  ︽ᠲᠤᠪᠤᠳᠦ  ︾ ᠮᠠᠯ ᠠᠵᠦ ᠠᠬᠤᠢ ᠶᠢᠨ ᠬᠤᠷᠰᠢᠶ᠎ᠠ  ᠂  ᠬᠤᠸᠠ ᠳ᠋ᠧ ᠰᠢᠶᠡᠨ ᠤ   ᠳ᠋ᠧ ᠽᠤᠤ ᠶᠤᠸᠠᠨ  ᠲᠠᠷᠢᠶᠠᠯᠡᠩ ᠮᠠᠯ ᠠᠵᠦ ᠠᠬᠤᠢ ᠶᠢᠨ ᠰᠢᠡᠵᠢᠯᠡᠭᠡ ᠮᠡᠷᠬᠡᠵᠢᠯ ᠤᠨ ᠬᠢᠵᠠᠭᠠᠷᠳᠦ  ᠫᠤᠮᠫᠠᠨᠢ᠂  ᠯᠢᠶᠠᠩᠴᠸᠡᠭ ᠰᠢᠶᠡᠨ ᠤ ᠬᠠᠢ ᠭᠤᠤ ᠮᠠᠯ ᠠᠵᠦ ᠠᠬᠤᠢ ᠶᠢᠨ ᠲᠡᠵᠢᠬᠡᠨ ᠦᠷᠡᠵᠢᠬᠦᠯᠬᠦ ᠬᠢᠵᠠᠭᠠᠷᠳᠦ ᠬᠠᠷᠢᠭᠤᠴᠠᠯᠭᠠᠳᠦ ᠫᠤᠮᠫᠠᠨᠢ᠂ ᠯᠢᠶᠠᠩᠴᠸᠡᠭ ᠰᠢᠶᠡᠨ ᠤ  ︽ᠵᠠᠶᠠᠭᠠᠳᠠᠢ  ︾ ᠮᠠᠯᠵᠢᠯ ᠤᠨ ᠲᠠᠯᠠᠪᠠᠢ᠂  ᠬᠤᠷᠢᠡᠬᠡᠷ ᠰᠢᠶᠡᠨ ᠤ ᠤᠯᠤᠰ ᠤᠨ ᠲᠡᠰ ᠤᠨ ᠪᠡᠯᠴᠢᠬᠡᠷ  ᠤᠨ ᠬᠦᠷᠢᠶᠡᠯᠡᠩ  ᠵᠡᠷᠬᠡ ᠭᠠᠵᠡᠷ ᠲᠤ ᠲᠤᠬᠠᠢ ᠶᠢᠨ ᠲᠠᠯᠠᠪᠠᠢ ᠳᠤ ᠨᠢ ᠬᠤᠯᠪᠤᠬᠳᠡᠯ ᠪᠦᠬᠦᠢ ᠬᠠᠷᠢᠭᠤᠴᠠᠯᠭᠠᠳᠡᠨ ᠤ ᠲᠠᠨᠢᠯᠴᠠᠭᠤᠯᠭ᠎ᠠ ᠶᠢ ᠰᠤᠨᠤᠰᠤᠬᠰᠡᠨ ᠪᠦᠬᠡᠤᠨ   ᠠᠷᠭ᠎ᠠ ᠲᠤᠷᠰᠢᠯᠭ᠎ᠠ  ᠪᠠᠨ ᠰᠣᠯᠢᠯᠴᠠᠭᠰᠠᠨ ᠪᠠᠶᠢᠨ᠎ᠠ᠃       ᠲᠤᠭᠤᠷᠢᠨ ᠰᠤᠷᠤᠯᠴᠠᠬᠤ ᠲᠤᠭᠤᠶᠢᠯᠡᠩ ᠤᠨ  ᠪᠦᠷᠢᠯᠳᠤᠬᠡᠨ ᠨᠠᠷ ᠲᠤᠰ ᠤᠳᠠᠭᠠᠨ ᠤ ᠲᠤᠭᠤᠷᠢᠨ  ᠰᠣᠷᠤᠯᠴᠠᠯᠭ᠎ᠠ ᠠᠴᠠ ᠤᠯᠤᠯᠳᠡ ᠶᠡᠬᠡᠳᠡᠢ ᠪᠠᠶᠢᠵᠦ᠂ ᠵᠦᠷᠢᠶ᠎ᠡ ᠪᠠ ᠬᠦᠷᠦᠯᠴᠡᠬᠦ ᠦᠬᠡᠢ ᠲᠠᠯ᠎ᠠ ᠪᠠᠨ ᠲᠤᠳᠤᠷᠬᠠᠢ ᠲᠠᠨᠢᠵᠦ᠂ ᠲᠡᠷᠢᠬᠦᠨ ᠤ ᠲᠤᠷᠰᠢᠯᠭ᠎ᠠ ᠪᠠ ᠠᠷᠭ᠎ᠠ ᠪᠠᠷᠢᠯ ᠢ ᠰᠤᠷᠤᠯᠴᠡᠨ᠂ ᠴᠢᠭᠯᠡᠯ ᠪᠠ ᠬᠠᠷᠠᠯᠳᠡ ᠪᠠᠨ ᠲᠤᠳᠤᠷᠬᠠᠢ ᠪᠤᠯᠭᠠᠬᠰᠡᠨ ᠪᠦᠬᠡᠤᠨ ᠲᠤᠰ ᠤᠳᠠᠭᠠᠨ ᠤ ᠲᠤᠭᠤᠷᠢᠨ ᠰᠤᠷᠤᠯᠴᠠᠬᠤ ᠪᠠᠷ ᠲᠤᠬᠢᠶᠠᠯ ᠪᠤᠯᠭᠠᠨ᠂ ᠪᠠᠯᠭᠠᠰᠤᠨ ᠤ ᠪᠠᠨ ᠪᠤᠳᠡᠳᠦ ᠪᠠᠶᠢᠳᠡᠯ ᠲᠠᠢ ᠪᠠᠨ ᠤᠶᠡᠯᠳᠤᠭᠤᠯᠵᠦ᠂ ᠨᠠᠷᠢᠯᠢᠭ ᠤᠨᠤᠪᠴᠢᠳᠡᠢ ᠲᠦᠯᠦᠪᠵᠢᠬᠦᠯᠵᠦ᠂ ᠰᠢᠡᠵᠢᠯᠡᠬᠦ ᠤᠬᠠᠭᠠᠠᠴᠢ ᠪᠠᠷ ᠲᠡᠵᠢᠬᠡᠨ ᠦᠷᠡᠵᠢᠬᠦᠯᠬᠦ ᠬᠢᠷᠢ ᠲᠦᠪᠰᠢᠨ ᠢᠶᠠᠨ ᠲᠠᠰᠤᠷᠠᠯᠳᠡ ᠦᠬᠡᠢ ᠲᠡᠬᠡᠭᠰᠢᠯᠡᠬᠦᠯᠵᠦ᠂ ᠲᠡᠵᠢᠬᠡᠨ ᠦᠷᠡᠵᠢᠬᠦᠯᠬᠦ ᠦᠷ᠎ᠡ ᠠᠰᠢᠭ ᠢ ᠨᠡᠮᠡᠭᠳᠡᠭᠦᠯᠵᠦ᠂ ᠲᠠᠯ᠎ᠠ ᠨᠤᠳᠤᠭ ᠤᠨ ᠮᠠᠯ ᠠᠵᠦ ᠠᠬᠤᠢ ᠶᠢᠨ ᠬᠡᠯᠪᠡᠷᠢ ᠪᠠᠨ ᠬᠤᠪᠢᠷᠠᠭᠤᠯᠵᠦ ᠲᠡᠰ ᠲᠡᠪᠰᠢᠬᠦᠯᠬᠦ ᠶᠢ ᠪᠦᠬᠦ ᠲᠠᠯ᠎ᠠ ᠪᠠᠷ ᠠᠬᠢᠭᠤᠯᠵᠦ ᠠᠬᠢᠭᠤᠯᠵᠦ᠂ ᠬᠦᠳᠡᠭᠡ ᠲᠤᠰᠬᠤᠨ ᠢ ᠬᠦᠭᠵᠢᠬᠦᠯᠦᠨ ᠮᠠᠡᠳᠤᠭᠤᠯᠬᠤ ᠳᠤ ᠲᠠᠶᠢᠴᠢᠨ ᠦᠢᠯᠡᠳᠦᠯ ᠦᠵᠡᠬᠦᠯᠬᠦ ᠪᠤᠯᠤᠨ᠎ᠠ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号