ᠡᠷᠳᠡᠨᠢᠪᠤᠯᠠᠭ ᠭᠠᠴᠠᠭᠠᠨ ᠤ ︽ᠪᠤᠯᠠᠭ ᠤᠨ ᠤᠶᠠᠩᠭ᠎ᠠ︾ ᠮᠠᠯᠴᠢᠳ ᠤᠨ ᠲᠠᠭᠤᠨ ᠤ ᠤᠷᠤᠯᠳᠤᠭᠠᠨ ᠬᠦᠭᠵᠢᠶᠡᠨ ᠲᠠᠢ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2023/10/7
       ᠡᠷᠳᠡᠨᠢᠪᠤᠯᠠᠭ ᠭᠠᠴᠠᠭᠠᠨ ᠤ ︽ᠪᠤᠯᠠᠭ ᠤᠨ ᠤᠶᠠᠩᠭ᠎ᠠ︾ ᠮᠠᠯᠴᠢᠳ ᠤᠨ ᠲᠠᠭᠤᠨ ᠤ             ᠤᠷᠤᠯᠳᠤᠭᠠᠨ ᠬᠦᠭᠵᠢᠶᠡᠨ ᠲᠠᠢ ᠰᠠᠶᠢᠬᠠᠨ ᠶᠠᠪᠤᠭᠳᠠᠯ᠎ᠠ                                               ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠪᠠᠯᠭᠠᠰᠤᠨ ᠤ ᠡᠷᠳᠡᠨᠢᠪᠤᠯᠠᠭ ᠭᠠᠴᠠᠭᠠᠨ ᠤ ︽ᠪᠤᠯᠠᠭ ᠤᠨ ᠤᠶᠠᠩᠭ᠎ᠠ︾ ᠠᠩᠬᠠᠳᠤᠭᠠᠷ ᠤᠳᠠᠭᠠᠨ ᠤ ᠮᠠᠯᠴᠢᠳ ᠤᠨ ᠪᠤᠭᠤᠨᠢ ᠲᠠᠭᠤᠨ ᠤ ᠤᠷᠤᠯᠳᠤᠭᠠᠨ 10 ᠰᠠᠷ᠎ᠠ ᠶᠢᠨ 6 ᠤ ᠡᠳᠦᠷ ᠬᠦᠭᠵᠢᠶᠡᠨ ᠲᠠᠢ ᠰᠠᠶᠢᠬᠠᠨ ᠶᠠᠪᠤᠭᠳᠠᠯ᠎ᠠ᠃    ᠡᠷᠳᠡᠨᠢᠪᠤᠯᠠᠭ ᠭᠠᠴᠠᠭᠠᠨ ᠤ ︽ᠨᠠᠮ ᠤᠨ ᠠᠴᠢ ᠳᠤ ᠲᠠᠯᠠᠷᠬᠠᠨ ᠨᠠᠮ ᠤᠨ ᠦᠭᠡ ᠶᠢ ᠰᠤᠨᠤᠰᠴᠤ ᠨᠠᠮ ᠢᠶᠠᠨ  ᠲᠠᠭᠠᠨ ᠤᠷᠤᠭᠰᠢᠯᠠᠬᠤ︾ ᠭᠤᠤᠯ ᠰᠡᠳᠦᠪᠳᠦ ᠤᠯᠠᠨ ᠲᠦᠮᠡᠨᠴᠢ ᠤᠳᠬ᠎ᠠ ᠤᠷᠠᠯᠢᠭ ᠤᠨ ᠠᠵᠢᠯᠯᠠᠭᠠᠨ ᠤ ᠬᠦᠷᠢᠶᠡᠨ  ᠳᠤ ᠶᠠᠪᠤᠭᠳᠠᠭᠰᠠᠨ ᠲᠤᠰ ᠤᠳᠠᠭᠠᠨ ᠤ ᠲᠠᠭᠤᠨ ᠤ ᠤᠷᠤᠯᠳᠤᠭᠠᠨ ᠳᠤ ᠮᠠᠨ ᠤ ᠬᠤᠰᠢᠭᠤᠨ ᠤ ᠡᠯ᠎ᠡ ᠰᠤᠮᠤ ᠪᠠᠯᠭᠠᠰᠤᠨ ᠠᠴᠠ ᠬᠦᠷᠦᠯᠴᠡᠨ ᠢᠷᠡᠭᠰᠡᠨ 39 ᠨᠡᠷ᠎ᠡ ᠮᠠᠯᠴᠢᠨ ᠲᠠᠭᠤᠴᠢᠨ ᠤᠷᠤᠯᠴᠠᠵᠦ᠂ ᠨᠠᠮ ᠡᠬᠡ ᠤᠯᠤᠰ᠂ ᠨᠤᠳᠤᠭ ᠤᠰᠤ᠂ ᠠᠪᠤ ᠡᠵᠢ ᠶᠢᠨ ᠡᠨᠡᠷᠢᠯ ᠬᠠᠶᠢᠷ᠎ᠠ ᠶᠢ ᠰᠢᠩᠭᠡᠭᠡᠭᠰᠡᠨ ᠤᠶᠠᠩᠭᠠᠳᠤ ᠰᠠᠶᠢᠬᠠᠨ ᠠᠶ᠎ᠠ ᠲᠠᠭᠤᠤ ᠪᠠᠨ ᠡᠷᠭᠦᠨ ᠪᠠᠷᠢᠵᠦ ᠦᠵᠡᠭᠴᠢ ᠤᠯᠠᠨ ᠢᠶᠠᠨ ᠪᠠᠶᠠᠰᠬᠠᠪᠠ᠃  ᠤᠷᠤᠯᠳᠤᠭᠠᠨ ᠨᠢ ᠠᠩᠬᠠᠨ ᠤ ᠱᠠᠳᠤᠨ ᠤ ᠰᠢᠭᠰᠢᠯᠳᠡ ᠪᠠᠷ ᠲᠠᠮᠵᠢᠨ 16 ᠨᠡᠷ᠎ᠡ ᠲᠠᠭᠤᠴᠢᠨ ᠢ ᠰᠢᠢᠳᠪᠦᠷᠢᠳᠦ ᠲᠡᠮᠡᠴᠡᠭᠡᠨ ᠳᠤ ᠤᠷᠤᠭᠤᠯᠵᠤ ︽ᠠᠯᠳᠠᠨ ᠬᠤᠨᠳᠠᠭ᠎ᠠ︾ ᠶᠢᠨ ᠡᠵᠡᠨ ᠳᠤ ᠦᠷᠢᠰᠦᠯᠳᠦᠭᠦᠯᠦᠭᠰᠡᠨ ᠪᠠᠶᠢᠨ᠎ᠠ᠃    ᠤᠷᠤᠯᠳᠤᠭᠠᠨ ᠤ ᠳ᠋ᠦᠩ᠄
   ᠲᠡᠷᠢᠭᠦᠨ ᠨᠡᠷ᠎ᠡ᠄ ᠬᠤᠭᠤᠯᠠᠳᠤ ᠶᠢᠨ ᠭᠤᠤᠯ ᠪᠠᠯᠭᠠᠰᠤᠨ ᠤ ᠮᠠᠯᠴᠢᠨ ᠲᠠᠭᠤᠴᠢᠨ ᠤᠶᠠᠬᠠᠨ
   ᠲᠡᠳ᠋ ᠨᠡᠷ᠎ᠡ᠄ ᠪᠠᠶᠠᠠᠬᠤᠸᠠ ᠪᠠᠯᠭᠠᠰᠤᠨ ᠤ ᠮᠠᠯᠴᠢᠨ ᠲᠠᠭᠤᠴᠢᠨ ᠨᠠᠰᠤᠬᠠᠷᠪᠢᠨ          ᠪᠠᠶᠠᠠᠬᠤᠰᠢᠭᠤ ᠰᠤᠮᠤᠨ ᠤ ᠮᠠᠯᠴᠢᠨ ᠲᠠᠭᠤᠴᠢᠨ ᠡᠷᠬᠢᠮᠪᠠᠶᠠᠷ
   ᠭᠤᠳᠠᠭᠠᠷ ᠨᠡᠷ᠎ᠡ᠄ ᠪᠠᠶᠠᠠᠬᠤᠸᠠ ᠪᠠᠯᠭᠠᠰᠤᠨ ᠤ ᠮᠠᠯᠴᠢᠨ ᠲᠠᠭᠤᠴᠢᠨ ᠰᠡᠴᠡᠡᠪᠢᠯᠢᠭ           ᠪᠠᠶᠠᠠᠬᠤᠸᠠ ᠪᠠᠯᠭᠠᠰᠤᠨ ᠤ ᠮᠠᠯᠴᠢᠨ ᠲᠠᠭᠤᠴᠢᠨ ᠰᠡᠴᠡᠡᠭᠤᠸ᠎ᠠ           ᠵᠢᠷ ᠤᠨ ᠭᠤᠤᠯ ᠪᠠᠯᠭᠠᠰᠤᠨ ᠤ ᠮᠠᠯᠴᠢᠨ ᠲᠠᠭᠤᠴᠢᠨ ᠫᠧᠷᠯᠡᠢ
   ᠰᠢᠯᠢᠳᠡᠭ ᠨᠡᠷᠡᠰ ᠲᠤ ᠰᠢᠯᠭᠠᠷᠠᠭᠰᠠᠨ ᠲᠠᠭᠤᠴᠢᠳ   ᠡᠷᠳᠡᠨᠢᠪᠤᠯᠠᠭ ᠭᠠᠴᠠᠭ᠎ᠠ ᠨᠢ ᠤᠷᠠᠯᠢᠭ ᠰᠤᠶᠤᠯ ᠢ ᠲᠡᠭᠡᠳᠦᠯᠡᠨ ᠡᠷᠬᠢᠮᠯᠡᠳᠡᠭ ᠰᠠᠶᠢᠬᠠᠨ ᠤᠯᠠᠮᠵᠢᠯᠠᠯ ᠲᠠᠢ ᠪᠠᠶᠢᠵᠤ᠂ ᠦᠩᠭᠡᠷᠡᠭᠰᠡᠨ ᠵᠢᠯ ᠤᠳ ᠲᠤ ᠲᠤᠰ ᠭᠠᠴᠠᠭ᠎ᠠ ᠨᠢ ︽ᠪᠤᠯᠠᠭ ᠤᠨ ᠤᠶᠠᠩᠭ᠎ᠠ︾ ᠴᠠᠭᠠᠨ ᠰᠠᠷ᠎ᠠ ᠶᠢᠨ ᠦᠳᠡᠰᠢᠯᠭᠡ ᠵᠡᠷᠭᠡ ᠲᠤᠮᠤᠬᠠᠨ ᠬᠡᠮᠵᠢᠶᠡᠨ ᠤ ᠤᠷᠠᠯᠢᠭ ᠰᠤᠶᠤᠯ ᠤᠨ ᠲᠤᠭᠯᠠᠯᠳᠠ ᠶᠢ ᠡᠷᠬᠢᠯᠡᠨ ᠶᠠᠪᠤᠭᠳᠠᠭᠤᠯᠵᠤ ᠬᠦᠮᠦᠨ ᠠᠷᠠᠳ  ᠳᠠᠭᠠᠨ ᠤᠶᠤᠨ ᠤ ᠬᠦᠷᠳᠡᠭᠡᠯ ᠪᠤᠯᠭᠠᠵᠤ ᠪᠠᠶᠢᠵᠠᠢ᠃ ᠡᠶᠢᠨᠬᠦ ᠡᠨᠡ ᠤᠳᠠᠭ᠎ᠠ ᠤᠯᠤᠰ ᠪᠠᠶᠢᠭᠤᠯᠤᠭᠳᠠᠭᠰᠠᠨ 74 ᠵᠢᠯ ᠤᠨ ᠤᠢ ᠳᠤ ᠵᠤᠷᠢᠭᠤᠯᠤᠭᠰᠠᠨ ᠮᠠᠯᠴᠢᠳ ᠤᠨ ᠪᠤᠭᠤᠨᠢ ᠲᠠᠭᠤᠨ ᠤ ᠤᠷᠤᠯᠳᠤᠭᠠᠨ ᠢᠶᠠᠨ ᠠᠮᠵᠢᠯᠳᠠ ᠲᠠᠢ ᠵᠤᠬᠢᠶᠠᠨ ᠪᠠᠶᠢᠭᠤᠯᠤᠨ ᠶᠠᠪᠤᠭᠳᠠᠭᠤᠯᠤᠭᠰᠠᠨ ᠪᠠᠶᠢᠯ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号