︽ᠠᠯᠲᠠᠢ︾ ᠲᠣᠭᠤᠷᠢᠭᠤᠯ ᠮᠠᠯᠠᠭᠠᠢ ᠨᠢ ᠰᠦᠯᠵᠢᠶ᠎ᠡ ᠪᠠᠷ  ᠪᠤᠷᠤᠯᠠᠭᠤᠯᠤᠭᠳᠠᠵᠤ ᠡᠬᠢᠯᠡᠯ᠎ᠡ
ᠨᠡᠶᠢᠲᠡᠯᠡᠭᠰᠡᠨ ᠴᠠᠭ᠄
2023/10/7
            ︽ᠠᠯᠲᠠᠢ︾ ᠲᠣᠭᠤᠷᠢᠭᠤᠯ ᠮᠠᠯᠠᠭᠠᠢ ᠨᠢ ᠰᠦᠯᠵᠢᠶ᠎ᠡ ᠪᠠᠷ  ᠪᠤᠷᠤᠯᠠᠭᠤᠯᠤᠭᠳᠠᠵᠤ ᠡᠬᠢᠯᠡᠯ᠎ᠡ                                                                     ᠮᠣᠩᠭᠤᠯ ᠮᠠᠯᠠᠭᠠᠢ ᠨᠢ ᠮᠣᠩᠭᠤᠯᠴᠣᠳ ᠤᠨ ᠡᠮᠦᠰᠭᠡᠯ ᠵᠠᠰᠠᠯ ᠤᠨ ᠬᠦᠨᠳᠦᠳᠭᠡᠯ ᠤᠨ ᠳᠡᠭᠡᠲᠦ ᠪᠠᠶᠢᠵᠤ᠂ ᠮᠤᠩᠭᠤᠯᠴᠣᠳ ︽ᠬᠤᠶᠠᠷ ᠬᠦᠮᠦᠨ ᠶᠠᠪᠤᠬᠤ ᠳᠤ ᠨᠢᠭᠡ ᠨᠢ ᠠᠬ᠎ᠠ᠂ ᠭᠠᠭᠴᠠ ᠬᠦᠮᠦᠨ ᠶᠠᠪᠤᠪᠠᠯ ᠮᠠᠯᠠᠭᠠᠢ ᠨᠢ ᠠᠬ᠎ᠠ︾ ᠭᠡᠳᠡᠭ  ᠃ ᠲᠡᠷᠢᠭᠦᠨ ᠳᠡᠭᠡᠷ᠎ᠡ ᠪᠠᠨ ᠳᠠᠷᠣᠪᠠᠯ ᠲᠡᠭᠷᠢ ᠬᠦᠮᠦᠨ ᠤ ᠬᠤᠯᠪᠤᠭᠠᠰᠣ᠂ ᠲᠡᠷᠭᠡᠯ ᠪᠥᠲᠦᠨ ᠠᠮᠢᠳᠣᠷᠠᠯ ᠥᠭᠡᠳᠡ ᠳᠡᠳᠬᠦᠵᠦ ᠶᠠᠪᠤᠳᠠᠭ ᠬᠡᠶᠢᠮᠦᠷᠢ ᠪᠤᠯᠤᠭᠰᠠᠨ ᠦᠵᠦᠮᠦᠴᠢᠨ ᠲᠣᠭᠤᠷᠢᠭᠤᠯ ᠮᠠᠯᠠᠭᠠᠢ ᠶᠢ ᠳᠥᠷᠪᠡᠨ ᠦᠶ᠎ᠡ ᠪᠠᠷ ᠢᠶᠠᠨ ᠤᠶᠤᠵᠤ ᠣᠯᠠᠮᠵᠢᠯᠠᠭᠰᠠᠨ ᠡᠨᠡ ᠨᠠᠰᠣᠲᠠᠨ ᠶᠢ ᠠᠯᠲᠠᠨᠴᠡᠴᠡᠭ ᠭᠡᠳᠡᠭ᠃
    ᠠᠯᠲᠠᠨᠴᠡᠴᠡᠭ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠸᠠ ᠪᠠᠯᠭᠠᠰᠣᠨ ᠤ ᠦᠷ ᠤᠨ ᠲᠣᠶᠠᠭ᠎ᠠ ᠭᠠᠴᠠᠭ᠎ᠠ  ᠪᠠᠷ ᠨᠣᠲᠣᠭᠲᠠᠢ᠃ ᠡᠳᠡᠨ ᠤ ᠬᠢᠨ ᠦᠢᠯᠡ ᠣᠶᠣᠳᠠᠯ ᠳᠤ ᠣᠷᠠᠨ ᠠᠶᠢᠯ ᠪᠠᠶᠢᠵᠤ᠂ ᠳᠡᠭᠡᠳᠦᠰ ᠤᠨ ᠦᠶ᠎ᠡ ᠠᠴᠠ ᠪᠠᠨ ᠥᠪᠯᠡᠵᠤ ᠢᠷᠡᠭᠰᠡᠨ ᠦᠵᠦᠮᠦᠴᠢᠨ ᠲᠣᠭᠤᠷᠢᠭᠤᠯ ᠮᠠᠯᠠᠭᠠᠢ ᠶᠢ ᠳᠥᠷᠪᠡᠨ ᠦᠶ᠎ᠡ ᠪᠠᠷ ᠢᠶᠠᠨ ᠣᠯᠠᠮᠵᠢᠯᠠᠵᠤ ᠤᠶᠤᠭᠰᠠᠭᠠᠷ ᠢᠷᠡᠵᠠᠢ᠃ ᠠᠯᠲᠠᠨᠴᠡᠴᠡᠭ ᠨᠠᠰᠣᠲᠠᠨ ᠠᠩᠬ᠎ᠠ ᠥᠪᠡᠷ ᠤᠨ ᠡᠵᠢ ᠠᠴᠠ ᠪᠠᠨ ᠥᠪᠯᠡᠨ ᠵᠠᠯᠭᠠᠮᠵᠢᠯᠠᠵᠤ᠂ ᠥᠬᠢᠨ ᠳᠤ ᠪᠠᠨ ᠴᠦ ᠡᠨᠡᠬᠦ ᠦᠵᠦᠮᠦᠴᠢᠨ ᠲᠣᠭᠤᠷᠢᠭᠤᠯ ᠮᠠᠯᠠᠭᠠᠢ ᠣᠶᠣᠬᠤ ᠣᠷ᠎ᠠ ᠳᠡᠮ ᠶᠢ ᠵᠢᠭᠠᠵᠣ ᠥᠭᠴᠠᠢ᠃
     
 ᠰᠣᠷᠪᠣᠯᠵᠢᠯᠠᠭᠴᠢ ᠠᠯᠲᠠᠨᠴᠡᠴᠡᠭ ᠨᠠᠰᠣᠲᠠᠨ ᠤ ᠠᠵᠢᠯᠯᠠᠬᠤ ᠥᠷᠦᠭᠡᠨ ᠳᠤ ᠣᠷᠣᠬᠤ ᠳᠤ᠂ ᠣᠶᠣᠳᠠᠯ ᠤᠨ ᠮᠠᠰᠢᠨ ᠤ ᠳᠠᠭᠤᠣ ᠬᠠᠩᠬᠢᠨᠠᠵᠣ᠂ ᠵᠢᠭᠳᠡᠷᠡᠭᠦᠯᠦᠨ ᠲᠠᠯᠪᠢᠭᠰᠠᠨ ᠮᠠᠯᠠᠭᠠᠢ ᠨᠤᠭᠤᠳ ᠬᠠᠷᠠᠭ᠎ᠠ ᠶᠢ ᠪᠣᠯᠢᠶᠠᠵᠤ ᠪᠠᠶᠢᠯ᠎ᠠ᠃ ᠣᠯᠠᠮᠵᠢᠯᠠᠯᠳᠣ ᠪᠠ ᠣᠳᠣᠬᠢ ᠮᠠᠶ᠋ᠢᠭ ᠤᠨ ᠲᠣᠭᠤᠷᠢᠭᠤᠯ ᠮᠠᠯᠠᠭᠠᠢ ᠨᠤᠭᠤᠳ ᠢ ᠠᠯᠲᠠᠨᠴᠡᠴᠡᠭ ᠨᠠᠰᠣᠲᠠᠨ ᠲᠠᠶᠢᠯᠪᠣᠷᠢᠯᠠᠬᠤ ᠳᠤ ᠪᠠᠨ᠄ ︽ᠪᠢ ᠡᠵᠢ ᠠᠴᠠ ᠪᠠᠨ ᠠᠩᠬ᠎ᠠ ᠰᠣᠷᠬᠤ ᠳᠤ ᠣᠯᠠᠮᠵᠢᠯᠠᠯᠲᠦ ᠲᠣᠭᠤᠷᠢᠭᠤᠯ ᠮᠠᠯᠠᠭᠠᠢ ᠶᠢ ᠣᠶᠣᠵᠣ᠂ ᠰᠡᠭᠦᠯᠡᠷ ᠨᠢ ᠮᠢᠨᠤ ᠥᠬᠢᠨ ᠪᠠᠰᠠ ᠣᠯᠠᠮᠵᠢᠯᠠᠵᠣ ᠰᠣᠷᠣᠭᠰᠠᠨ ᠤ ᠳᠠᠷᠠᠭ᠎ᠠ᠂ ᠶᠠᠩᠵᠣ ᠬᠡᠯᠪᠡᠷᠢ᠂ ᠥᠩᠭᠡ ᠪᠣᠳᠤᠭ ᠲᠤ ᠵᠤᠬᠢᠬᠤ ᠵᠠᠰᠠᠪᠤᠷᠢ ᠣᠷᠣᠭᠤᠯᠵᠣ ᠰᠢᠨᠡᠴᠢᠯᠡᠨ᠂  ᠬᠡᠷᠡᠭᠯᠡᠭᠴᠢᠳ ᠤᠨ ᠬᠥᠷᠢᠶ᠎ᠠ ᠬᠡᠪᠴᠢᠶ᠎ᠠ ᠴᠦ ᠥᠷᠭᠡᠵᠢᠨ᠂ ᠭᠠᠵᠠᠷ ᠪᠣᠯᠭᠠᠨ ᠤ ᠵᠠᠬᠢᠶᠠᠯᠠᠭ᠎ᠠ ᠲᠣᠰᠳᠠᠭ ᠪᠣᠯᠵᠠᠢ︾ ᠭᠡᠵᠤ  ᠪᠠᠶᠠᠷᠲᠠᠶᠢᠬᠠᠨ ᠶᠠᠷᠢᠵᠤ ᠪᠠᠶᠢᠯ᠎ᠠ᠃
    ᠰᠦᠯᠵᠢᠶᠡᠨ ᠪᠣᠷᠣᠯᠠᠭᠤᠯᠭ᠎ᠠ ᠲᠠᠢ ᠪᠣᠯᠣᠭᠰᠠᠨ ᠥᠨᠥ ᠴᠠᠭ ᠲᠤ᠂ ᠠᠯᠲᠠᠨᠴᠡᠴᠡᠭ ᠨᠠᠰᠣᠲᠠᠨ ᠴᠦ ᠥᠪᠡᠷ   ᠤᠨ ᠥᠵᠦᠮᠦᠴᠢᠨ ᠲᠣᠭᠤᠷᠢᠭᠤᠯ ᠮᠠᠯᠠᠭᠠᠢ ᠪᠠᠨ ᠨᠡᠩ ᠣᠯᠠᠨ ᠬᠦᠮᠦᠰ ᠲᠤ ᠲᠠᠨᠢᠭᠤᠯᠣᠨ᠂ ᠪᠣᠷᠣᠯᠠᠭᠤᠯᠭ᠎ᠠ ᠪᠠᠨ ᠨᠡᠩ ᠥᠷᠭᠡᠵᠢᠭᠦᠯᠬᠦ ᠶᠢᠨ ᠲᠣᠰᠠᠳᠠ ᠲᠢᠺ ᠲᠣᠺ ᠶᠢᠨ ᠰᠢᠭᠤᠳ ᠨᠡᠪᠲᠡᠷᠡᠭᠦᠯᠭᠡ   ᠪᠠᠷ ᠪᠣᠷᠣᠯᠠᠭᠤᠯᠵᠣ ᠡᠬᠢᠯᠡᠵᠠᠢ᠃ ᠲᠡᠭᠦᠨ ᠤ ᠲᠢᠺ ᠲᠤᠺ ᠤᠨ ᠳᠠᠭᠠᠭᠰᠠᠳ ᠨᠢ ᠲᠥᠮᠡ ᠲᠠᠪᠣᠨ ᠮᠢᠩᠭ᠎ᠠ ᠭᠠᠷᠣᠢ ᠪᠠᠶᠢᠵᠤ᠂ ᠪᠣᠷᠣᠯᠠᠭᠤᠯᠭ᠎ᠠ ᠴᠦ ᠮᠠᠰᠢ ᠵᠥᠭᠡᠷ᠂ ᠮᠠᠨ ᠤ ᠠᠶᠢᠮᠠᠭ ᠬᠤᠲᠠ ᠠᠴᠠ ᠭᠠᠳᠠᠨ᠎ᠠ ᠪᠠᠰᠠ ᠱᠠᠩᠬᠠᠢ᠂  ᠬᠥᠬᠡᠨᠠᠭᠤᠷ ᠵᠡᠷᠭᠡ  ᠮᠣᠵᠢ ᠣᠷᠣᠨ ᠢᠶᠠᠷ  ᠪᠤᠷᠤᠯᠠᠭᠤᠯᠤᠭᠳᠠᠬᠤ ᠪᠣᠯᠵᠠᠢ᠃     ᠨᠠᠭᠠᠴᠦ ᠡᠮᠡᠭᠡ ᠶᠢᠨ ᠢᠶᠠᠨ ᠦᠶ᠎ᠡ ︵ᠮᠢᠩᠭ᠎ᠠ ᠨᠠᠢᠮᠠᠨ ᠵᠠᠭᠤ ᠶᠡᠷᠡᠭᠡᠳ ᠣᠨ︶ ᠠᠴᠠ ᠡᠬᠢᠯᠡᠨ ᠦᠵᠦᠮᠦᠴᠢᠨ ᠲᠣᠭᠤᠷᠢᠭᠤᠯ ᠮᠠᠯᠠᠭᠠᠢ ᠣᠶᠣᠵᠣ ᠢᠷᠡᠭᠰᠡᠨ ᠡᠨᠡ ᠠᠶᠢᠯ ᠨᠢ ᠵᠥᠪᠬᠡᠨ ᠤᠶᠤᠵᠤ ᠪᠤᠷᠤᠯᠠᠭᠤᠯᠬᠤ ᠲᠡᠳᠦᠢ ᠦᠭᠡᠢ ᠦᠨᠳᠦᠰᠦᠲᠡᠨ ᠤ ᠪᠠᠨ ᠥᠪ ᠰᠣᠶᠣᠯ ᠢᠶᠠᠨ ᠦᠶ᠎ᠡ ᠶᠢᠨ ᠦᠶ᠎ᠡ ᠣᠯᠠᠮᠵᠢᠯᠠᠵᠤ ᠵᠠᠯᠭᠠᠮᠵᠢᠯᠠᠵᠤ ᠶᠠᠪᠤᠭ᠎ᠠ ᠣᠴᠢᠷ   ᠲᠠᠢ  ᠶᠤᠮ  ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号