ᠡᠪᠡᠰᠦ ᠤᠷᠭᠤᠮᠠᠯ ᠢᠶᠠᠷ ᠬᠤᠯᠢᠰᠢᠨ ᠢᠳᠡᠭᠡᠨ ᠦᠢᠯᠡᠳᠪᠦᠷᠢᠯᠡᠬᠦ | | ᠲᠤᠰ ᠠᠵᠤ ᠠᠬᠤᠢ ᠨᠢ ᠦᠵᠦᠮᠦᠴᠢᠨ ᠳᠤ ᠪᠠᠰᠠ ᠲᠤᠩ ᠡᠷᠲᠡ ᠬᠦᠭᠵᠢᠭᠰᠡᠨ ᠪᠠᠶᠢᠵᠠᠢ᠃ ᠡᠪᠡᠰᠦ | ᠤᠷᠭᠤᠮᠠᠯ ᠢ ᠬᠤᠯᠢᠰᠢᠨ ᠢᠳᠡᠭᠡᠨ ᠳᠤ ᠬᠡᠷᠡᠭᠯᠡᠬᠦ ᠪᠤᠯᠤᠭᠰᠠᠨ ᠨᠢ ᠨᠤᠲᠤᠭ ᠤᠨ ᠭᠠᠷᠤᠯᠳᠠ ᠪᠠᠨ ᠬᠦᠢᠴᠡᠳ ᠪᠦᠷᠢᠨ | ᠠᠰᠢᠭᠯᠠᠵᠤ᠂ ᠠᠮᠢᠳᠤᠷᠠᠯ ᠳᠤ ᠨᠦᠬᠦᠪᠦᠷᠢ ᠢᠳᠡᠰᠢ ᠪᠤᠯᠭᠠᠭᠰᠠᠨ ᠢᠶᠠᠷ ᠪᠠᠷᠠᠬᠤ ᠦᠭᠡᠢ᠂ ᠨᠡᠩ ᠴᠢᠬᠤᠯᠠ ᠨᠢ | ᠤᠷᠭᠤᠮᠠᠯ ᠤᠨ ᠪᠦᠳᠦᠴᠡ ᠳᠤ ᠰᠢᠨᠵᠢᠯᠡᠬᠦ ᠤᠬᠠᠭᠠᠨᠴᠢ ᠠᠵᠢᠭᠯᠠᠯᠳᠠ ᠬᠢᠵᠦ᠂ ᠤᠷᠭᠤᠮᠠᠯ ᠤᠨ ᠳᠤᠳᠤᠷᠠᠬᠢ ᠦᠨᠳᠦᠷ | ᠦᠨ᠎ᠡ ᠥᠷᠳᠡᠭ ᠲᠠᠢ ᠬᠤᠪᠤᠷ ᠴᠤᠬᠠᠭ ᠡᠷᠳᠡᠨᠢ ᠶᠢ ᠢᠯᠡᠷᠡᠬᠦᠯᠵᠡᠢ᠃ ᠡᠨᠡ ᠨᠢ ᠢᠳᠡᠭᠡᠨ ᠤ ᠰᠤᠶᠤᠯ ᠤᠨ | ᠳᠡᠭᠦᠯᠳᠡᠷᠵᠢᠬᠦᠯᠤᠯᠳᠡ ᠶᠢ ᠠᠬᠢᠭᠤᠯᠵᠦ᠂ ᠳᠦᠷᠦᠯ ᠵᠦᠢᠯ ᠤᠨ ᠬᠡᠷᠡᠭᠴᠡᠭᠡᠨ ᠤ ᠦᠷᠳᠡᠭ ᠢ ᠳᠡᠭᠡᠭᠰᠢᠯᠡᠭᠦᠯᠦᠭᠰᠡᠨ | ᠪᠠᠶᠢᠨ᠎ᠠ᠃ | ᠦᠵᠦᠮᠦᠴᠢᠨ ᠮᠤᠩᠭᠤᠯᠴᠤᠳ ᠪᠢᠯᠢᠭ ᠤᠨ ᠤᠯᠠᠷᠢᠯ ᠤᠨ 4 ᠰᠠᠷ᠎ᠠ ᠶᠢᠨ ᠰᠡᠬᠦᠯ 5 ᠰᠠᠷ᠎ᠠ ᠶᠢᠨ ᠡᠬᠢᠨ ᠳᠤ | ᠬᠠᠵᠠᠭᠠᠷ ᠭᠤᠭᠤᠳ ᠳᠡᠭᠦᠵᠦ ᠳᠡᠲᠡᠨ ᠤ ᠪᠦᠬᠦ ᠵᠢᠯ ᠤᠨ ᠬᠡᠷᠡᠭᠯᠡᠬᠦ ᠭᠤᠭᠤᠳ ᠢᠶᠠᠨ ᠳᠠᠪᠤᠰᠤᠯᠠᠵᠦ ᠳᠠᠷᠤᠵᠦ ᠠᠪᠲᠠᠭ | ᠃ ᠭᠤᠭᠤᠳ ᠦᠵᠦᠮᠦᠴᠢᠨ ᠤ ᠠᠭᠤᠯᠠᠷᠬᠠᠭ ᠤᠷᠤᠨ ᠳᠤ ᠶᠡᠭᠡ ᠤᠷᠭᠤᠨ᠎ᠠ᠃ ᠭᠤᠭᠤᠳ ᠪᠠᠩᠰᠢ ᠢᠳᠡᠬᠦ ᠳᠤ | ᠤᠨᠴᠠᠭᠠᠢ ᠰᠠᠶᠢᠬᠠᠨ ᠬᠤᠯᠢᠰᠢ ᠪᠤᠯᠳᠠᠭ᠃ ᠵᠠᠭᠤᠰᠢ ᠢᠳᠡᠬᠦ ᠳᠤ ᠣᠨᠴᠠ ᠳᠡᠰ ᠤᠨ ᠨᠤᠭᠤᠭ᠎ᠠ ᠪᠠᠶᠢᠳᠠᠭ᠃ | ᠭᠤᠭᠤᠳ ᠢ ᠪᠤᠲᠣᠩ ᠰᠠᠪᠠ ᠪᠠᠷ ᠳᠦᠭᠦᠷᠡᠩ ᠳᠠᠪᠤᠰᠤᠯᠠᠵᠦ ᠳᠠᠷᠤᠵᠦ ᠲᠠᠯᠪᠢᠭᠠᠳ᠂ ᠢᠳᠡᠬᠦ ᠲᠡᠭᠡᠨ ᠴᠠᠭ ᠤᠨ | ᠬᠤᠭᠤᠯᠠ ᠳᠤ ᠵᠠᠭᠤᠬᠤ᠂ ᠮᠠᠯ ᠤᠨ ᠭᠡᠳᠡᠰᠦ ᠲᠤᠳᠤᠷ ᠴᠢᠳᠬᠤᠬᠤ ᠳᠤ ᠬᠢᠬᠦ ᠵᠡᠷᠭᠡ ᠮᠠᠰᠢ ᠤᠯᠠᠨ ᠳᠦᠷᠦᠯ ᠤᠨ | ᠬᠤᠭᠤᠯᠠ ᠳᠤ ᠤᠷᠤᠳᠠᠭ ᠮᠠᠰᠢ ᠦᠨᠦᠷ ᠠᠮᠲᠠ ᠲᠠᠢ ᠢᠳᠡᠭᠡᠨ ᠪᠠᠶᠢᠳᠠᠭ᠃ 5~ 6 ᠰᠠᠷ᠎ᠠ ᠳᠤ ᠰᠢᠷ᠎ᠠ ᠴᠡᠴᠡᠭ | ᠳᠡᠭᠦᠵᠦ ᠬᠠᠲᠠᠭᠠᠵᠦ ᠠᠪᠳᠠᠭ᠃ 7~ 8 ᠰᠠᠷ᠎ᠠ ᠳᠤ ᠴᠠᠭᠠᠨ ᠮᠦᠬᠦ ᠲᠡᠭᠦᠵᠦ ᠬᠤᠷᠢᠶᠠᠵᠦ ᠠᠪᠳᠠᠭ᠃ | ᠨᠡᠩ ᠴᠦ ᠡᠮᠲᠦ ᠤᠷᠭᠤᠮᠠᠯ ᠢ ᠳᠡᠭᠦᠵᠦ ᠮᠣᠩᠭᠤᠯ ᠡᠮ ᠦᠢᠯᠡᠳᠪᠦᠷᠢᠯᠡᠨ ᠨᠠᠶᠢᠷᠠᠭᠤᠯᠵᠦ᠂ ᠬᠦᠮᠦᠨ ᠤ ᠡᠯ᠎ᠡ | ᠵᠦᠢᠯ ᠤᠨ ᠡᠪᠡᠳᠴᠢᠨ ᠢ ᠡᠮᠴᠢᠯᠡᠨ ᠵᠠᠰᠠᠵᠦ ᠠᠨᠠᠭᠠᠬᠤ᠂ ᠮᠠᠯ ᠤᠨ ᠡᠯ᠎ᠡ ᠵᠦᠢᠯ ᠤᠨ ᠡᠪᠡᠳᠴᠢᠨ ᠢ ᠡᠮᠴᠢᠯᠡᠨ ᠵᠠᠰᠠᠬᠤ | ᠂ ᠡᠮ ᠳᠠᠩ ᠢ ᠦᠪᠡᠷ ᠲᠡᠭᠡᠨ ᠨᠠᠶᠢᠷᠠᠭᠤᠯᠤᠨ ᠦᠢᠯᠡᠳᠪᠦᠷᠢᠯᠡᠳᠡᠭ ᠪᠠᠶᠢᠵᠠᠢ᠃ |