ᠦᠵᠦᠮᠦᠴᠢᠨ ᠮᠣᠩᠭᠤᠯᠴᠤᠳ ᠤᠨ ᠮᠠᠯ ᠤᠨ ᠤᠩᠭᠠᠰᠤ ᠨᠤᠤᠰᠤ ᠪᠤᠯᠪᠠᠰᠤᠷᠠᠭᠤᠯᠵᠵᠦ ᠡᠳ᠋ᠯᠡᠬᠦ ᠠᠵᠤ | ᠠᠬᠤᠢ | ᠤᠩᠭᠠᠰᠤ ᠨᠣᠣᠰᠣ ᠶᠢ ᠪᠣᠯᠪᠠᠰᠤᠷᠠᠭᠤᠯᠵᠤ ᠦᠢᠯᠳᠪᠤᠷᠢᠯᠡᠬᠦ ᠪᠣᠯ ᠮᠣᠩᠭᠤᠯᠴᠤᠳ ᠤᠨ ᠡᠷᠲᠡᠨ ᠤ ᠬᠥᠭᠵᠢᠭᠰᠡᠨ | ᠭᠠᠷ ᠦᠢᠯᠡᠳᠪᠦᠷᠢ ᠶᠢᠨ ᠴᠢᠬᠤᠯᠠ ᠨᠢᠭᠡ ᠲᠦᠷᠦᠯ ᠮᠦᠨ᠃《 ᠮᠣᠩᠭᠤᠯ ᠤᠨ ᠨᠢᠭᠤᠴᠠ ᠲᠣᠪᠴᠢᠶᠠᠨ》 ᠳᠤ ᠄《 | ᠡᠶᠢᠨ ᠬᠦ ᠢᠰᠡᠭᠡᠢ ᠲᠤᠭᠤᠷᠭᠠᠲᠠᠨ ᠤᠯᠤᠰ ᠢ ᠲᠦᠪᠰᠢᠳᠬᠡᠭᠡᠳ ᠪᠠᠷᠰ ᠵᠢᠯ ᠣᠨᠣᠨ ᠭᠤᠣᠯ ᠤᠨ ᠡᠬᠢᠨ ᠳᠤ ᠶᠡᠭᠡ | ᠬᠤᠷᠠᠯ ᠬᠤᠷᠠᠯᠳᠤᠵᠤ ᠶᠢᠰᠤᠨ ᠬᠦᠯᠲᠤ ᠴᠠᠭᠠᠨ ᠲᠤᠭ ᠢ ᠮᠠᠨᠳᠤᠭᠤᠯᠤᠭᠠᠳ ᠲᠡᠮᠦᠵᠢᠨ ᠳᠤ ᠴᠢᠩᠭᠢᠰ ᠬᠠᠭᠠᠨ ᠭᠡᠬᠦ | ᠴᠤᠯᠠ ᠦᠭᠴᠦ ᠮᠣᠩᠭᠤᠯ ᠤᠯᠤᠰ ᠵᠢᠩᠬᠢᠨᠢ ᠪᠠᠷ ᠪᠠᠶᠢᠭᠤᠯᠤᠭᠳᠠᠵᠤ ᠬᠠᠭᠠᠨ ᠡᠷᠭᠦᠮᠵᠢᠯᠡᠪᠡ᠃》 ︵︽ | ᠮᠣᠩᠭᠤᠯ ᠤᠨ ᠨᠢᠭᠤᠴᠠ ᠲᠣᠪᠴᠢᠶᠠᠨ︾ ᠤ ᠬᠠᠷᠭᠤᠭᠤᠯᠤᠨ ᠬᠢᠨᠠᠭᠰᠠᠨ ᠳᠡᠪᠲᠡᠷ᠂175 ᠳ᠋ᠤᠭᠠᠷ ᠨᠢᠭᠤᠷ ᠲᠤ︶ | ᠭᠡᠳᠡᠭ᠃ ᠠᠳᠡ ᠬᠡᠯᠡᠭᠰᠡᠨ᠄ ︽ᠢᠰᠡᠭᠡᠢ ᠲᠤᠭᠤᠷᠭᠠᠲᠠᠨ ᠣᠯᠣᠰ︾ ᠭᠡᠳᠡᠭ ᠪᠣᠯ ᠮᠣᠩᠭᠤᠯᠴᠤᠳ ᠤᠨ ᠤᠩᠭᠠᠰᠤ | ᠨᠣᠣᠰᠣ ᠪᠣᠯᠪᠠᠰᠤᠷᠠᠭᠤᠯᠬᠤ ᠭᠠᠷ ᠦᠢᠯᠡᠳᠪᠦᠷᠢ ᠠᠯᠢ ᠡᠷᠲᠡ ᠬᠦᠭᠵᠢᠭᠡᠳ ᠲᠡᠯᠡᠬᠡᠢ ᠳᠡᠭᠡᠷ᠎ᠡ᠂ ᠮᠠᠯ ᠤᠨ ᠤᠩᠭᠠᠰᠤ | ᠨᠣᠣᠰᠣ ᠶᠢ ᠦᠢᠯᠡᠳᠪᠦᠷᠢᠯᠡᠵᠦ ᠬᠠᠮᠤᠭ ᠠᠩᠬ᠎ᠠ ᠭᠡᠷ ᠣᠷᠤᠨ ᠰᠠᠭᠤᠴᠠ ᠳᠤ ᠬᠡᠷᠡᠭᠯᠡᠭᠰᠡᠨ ᠠᠴᠠ ︽ᠢᠰᠡᠭᠡᠢ | ᠲᠤᠭᠤᠷᠭᠠᠲᠠᠨ︾ ᠭᠡᠵᠤ ᠬᠤᠷᠸ᠎ᠠ ᠳᠤ ᠦᠢᠯᠡᠳᠦᠯᠭᠡ ᠪᠠᠷ ᠢᠶᠠᠨ ᠴᠣᠯᠠᠯᠠᠭᠳᠠᠭᠰᠠᠨ ᠢᠷᠠᠭᠤ ᠠᠯᠲᠠᠷᠲᠦ ᠨᠡᠷᠡᠶᠢᠳᠤᠯ | ᠮᠦᠨ᠃ | ᠮᠣᠩᠭᠤᠯᠴᠤᠤᠳ ᠤᠨ ᠮᠠᠯ ᠤᠨ ᠠᠰᠢᠭ ᠰᠢᠮ᠎ᠡ ᠶᠢ ᠠᠰᠢᠭᠯᠠᠨ ᠦᠢᠯᠡᠳᠪᠦᠷᠢᠯᠡᠬᠦ ᠳᠤᠮᠳᠠᠬᠢ ᠤᠩᠭᠠᠰᠤ | ᠨᠣᠣᠰᠣ ᠶᠢ ᠶᠡᠭᠡ ᠪᠠᠷ ᠪᠣᠯᠪᠠᠰᠤᠷᠠᠭᠤᠯᠳᠠᠭ ᠦᠢᠯᠡᠰ᠂ ᠦᠵᠦᠮᠦᠴᠢᠨ ᠳᠤ ᠳᠣᠶᠢᠯᠪᠤᠷᠢᠲᠠᠢ ᠤᠯᠠᠮᠵᠢᠯᠠᠭᠳᠠᠭᠰᠠᠨ | ᠮᠦᠷᠲᠡᠭᠡᠨ ᠴᠢᠨᠠᠭᠰᠢᠲᠠ ᠬᠦᠭᠵᠢᠭᠡᠳ ᠦᠵᠦᠮᠦᠴᠢᠨ ᠤ ᠭᠠᠷ ᠦᠢᠯᠡᠳᠪᠦᠷᠢ ᠶᠢᠨ ᠪᠦᠲᠦᠴᠡ ᠶᠢᠨ ᠴᠢᠬᠤᠯᠠ | ᠪᠦᠷᠢᠯᠳᠦᠭᠦᠨ ᠪᠣᠯᠵᠠᠢ᠃ ᠨᠡᠩ ᠴᠤ ᠭᠠᠷ ᠦᠢᠯᠡᠳᠪᠦᠷᠢᠯᠡᠯ ᠠᠴᠠ ᠴᠠᠰᠢ ᠳᠠᠪᠰᠢᠵᠤ᠂ ᠢᠰᠡᠭᠡᠢ ᠬᠢᠬᠦ ᠳᠤ ᠲᠡᠳᠠ | ᠮᠣᠷᠢ ᠶᠢᠨ ᠬᠦᠴᠤ ᠶᠢ ᠬᠡᠷᠡᠭᠯᠡᠭᠰᠡᠨ ᠠᠴᠠ ︽ᠬᠠᠭᠠᠰ ᠮᠣᠷᠢᠴᠢᠯᠠᠭᠰᠠᠨ ᠦᠢᠯᠡᠳᠪᠦᠷᠢ︾ ᠪᠣᠯᠤᠭᠰᠠᠨ ᠪᠠᠶᠢᠨ᠎ᠠ᠃ | ᠦᠵᠦᠮᠦᠴᠢᠨ ᠳᠤ᠂ ᠬᠤᠨᠢᠨ ᠤ ᠤᠩᠭᠠᠰᠤ ᠶᠢ ᠬᠠᠮᠤᠭ ᠦᠷᠭᠡᠨ ᠬᠡᠮᠵᠢᠶ᠎ᠡ ᠪᠠᠷ ᠦᠢᠯᠡᠳᠪᠦᠷᠢᠯᠡᠵᠦ ᠢᠷᠡᠵᠠᠢ᠃ | ᠲᠡᠳᠡ ᠮᠠᠯ ᠠᠵᠦ ᠠᠬᠤᠢ ᠶᠢᠨ ᠣᠨᠴᠠᠯᠢᠭ ᠪᠠ ᠬᠤᠨᠢᠨ ᠤ ᠤᠩᠭᠠᠰᠤ ᠶᠢ ᠬᠡᠷᠡᠭᠯᠡᠬᠦ ᠬᠡᠷᠡᠭᠴᠡᠭᠡ ᠠᠴᠠ ᠪᠣᠯᠵᠤ᠂ | ᠡᠷᠲᠡᠨ ᠠᠴᠠ ᠪᠠᠨ ᠬᠤᠨᠢᠨ ᠤ ᠤᠩᠭᠠᠰᠤ ᠶᠢ ᠨᠢᠭᠡ ᠵᠢᠯ ᠳᠤ ᠭᠤᠷᠪᠠ ᠤᠳᠠᠭ᠎ᠠ ᠬᠠᠶᠢᠴᠢᠯᠠᠵᠤ ᠠᠪᠤᠳᠠᠭ ᠪᠠᠶᠢᠨ᠎ᠠ᠃ | ᠵᠤᠨ ᠤ ᠡᠬᠢᠨ ᠤ ᠰᠠᠷ᠎ᠠ ᠳᠤ ᠬᠤᠨᠢᠨ ᠤ ᠤᠷᠲᠤ ᠶᠢᠨ ᠤᠩᠭᠠᠰᠤ ᠶᠢ ᠠᠪᠦᠨᠠ᠃ ᠡᠭᠦᠨ ᠢ《 ᠬᠤᠨᠢ | ᠵᠣᠯᠭᠠᠨ᠎ᠠ》ᠭᠡᠬᠦ ᠪᠣᠶᠣ ︽ᠬᠤᠨᠢᠨ ᠤ ᠤᠷᠲᠦ ᠶᠢ ᠬᠠᠶᠢᠴᠢᠯᠠᠨ᠎ᠠ︾ ᠭᠡᠨ᠎ᠡ᠃ ᠵᠣᠨ ᠤ ᠳᠤᠮᠳᠠ ᠰᠠᠷ᠎ᠠ ᠳᠤ | ᠬᠤᠷᠠᠭᠠᠨ ᠤᠩᠭᠠᠰᠤ ᠶᠢ ᠬᠠᠶᠢᠴᠢᠯᠠᠵᠤ ᠠᠪᠤᠨ᠎ᠠ ᠃ ᠡᠭᠦᠨ ᠢ ︽ᠬᠤᠷᠠᠭ᠎ᠠ ᠬᠠᠶᠢᠴᠢᠯᠠᠨ᠎ᠠ︾ ᠭᠡᠳᠡᠭ᠃ ᠨᠠᠮᠤᠷ ᠤᠨ | ᠳᠤᠮᠳᠠ ᠰᠠᠷ᠎ᠠ ᠶᠢᠨ ᠰᠢᠨᠡᠳ ᠢᠶᠠᠷ ᠬᠤᠨᠢᠨ ᠤ ᠠᠬᠠᠷ ᠤᠨ ᠤᠩᠭᠠᠰᠤ ᠶᠢ ᠬᠠᠶᠢᠴᠢᠯᠠᠵᠤ ᠠᠪᠤᠨ᠎ᠠ᠃ ᠡᠭᠦᠨ ᠢ ︽ | ᠬᠤᠨᠢ ᠠᠬᠠᠷᠯᠠᠨᠠ︾ ᠭᠡᠨ᠎ᠡ ᠃ ᠬᠤᠷᠠᠭ᠎ᠠ ᠠᠬᠠᠷᠯᠠᠬᠤ᠂ ᠬᠤᠨᠢ ᠬᠠᠶᠢᠴᠢᠯᠠᠬᠤ ᠪᠣᠯ ᠦᠵᠦᠮᠦᠴᠢᠨ ᠳᠤ ᠣᠩᠭᠠᠰᠤ | ᠨᠣᠣᠰᠣ ᠨᠠᠷᠢᠯᠢᠭ ᠬᠢᠬᠦ ᠱᠠᠭᠠᠷᠳᠠᠯᠭ᠎ᠠ ᠠᠴᠠ ᠳᠣᠭᠲᠠᠭᠠᠭᠳᠠᠭᠰᠠᠨ ᠶᠤᠮ᠃ | ᠬᠤᠨᠢᠨ ᠤ ᠣᠩᠭᠠᠰᠤ ᠪᠣᠯ ᠢᠰᠡᠭᠡᠢ ᠬᠢᠬᠦ ᠶᠢᠨ ᠲᠦᠭᠦᠬᠡᠢ ᠮᠠᠲ᠋ᠧᠷᠢᠶᠠᠯ ᠮᠦᠨ᠃ ᠦᠵᠦᠮᠦᠴᠢᠨ ᠳᠤ ︽ᠠᠬᠠᠷ ︾ | ᠂ ︽ᠬᠤᠷᠠᠭᠠᠨ ᠣᠩᠭᠠᠰᠤ ︾ ᠪᠠᠷ ᠭᠤᠣᠯ ᠪᠣᠯᠭᠠᠵᠤ᠂ ︽ᠣᠷᠲᠦ ᠶᠢᠨ ᠣᠩᠭᠠᠰᠤ︾ ᠪᠠᠷ ᠬᠠᠪᠰᠤᠷᠤᠮᠵᠢ | ᠪᠣᠯᠭᠠᠵᠤ ᠢᠰᠡᠭᠡᠢ ᠬᠢᠨ᠎ᠡ᠂ ᠢᠰᠡᠭᠡᠢ ᠬᠢᠬᠦ ᠳᠤ ᠴᠠᠭ ᠤᠯᠠᠷᠢᠯ ᠤᠨ ᠬᠡᠷᠡᠭᠴᠡᠭᠡ ᠠᠴᠠ ᠪᠣᠯᠵᠣ ᠲᠦᠷᠦᠭᠦᠦ ᠵᠢᠯ ᠤᠨ ︽ | ᠠᠬᠠᠷ ᠤᠨ ᠤᠩᠭᠠᠰᠤ︾᠂ ᠲᠤᠰ ᠵᠢᠯ ᠤᠨ ︽ᠬᠤᠷᠭᠠᠨ ᠤᠩᠭᠠᠰᠤ ︾᠂ ︽ᠤᠷᠲᠦ ᠶᠢᠨ ᠣᠩᠭᠠᠰᠤ︾ ᠪᠠᠷ ᠰᠢᠨ᠎ᠡ | ᠵᠢᠯ ᠤᠨ ᠢᠰᠡᠭᠡᠢ ᠶᠢ ᠬᠢᠳᠡᠭ᠃ | ︽ᠠᠬᠠᠷ︾᠂ ︽ᠬᠤᠷᠠᠭᠠᠨ ᠤᠩᠭᠠᠰᠤ ︾ ᠶᠢ ᠪᠦᠷ ᠰᠠᠪᠠᠵᠤ ᠬᠡᠷᠡᠭᠯᠡᠨ᠎ᠡ᠃ ᠡᠭᠦᠨ ᠢ ᠤᠩᠭᠠᠰᠦ ᠰᠠᠪᠠᠭ᠋ᠤ | ᠭᠡᠳᠡᠭ᠃ ᠣᠩᠭᠠᠰᠤ ᠶᠢ ᠵᠤᠨ ᠤ ᠳᠣᠮᠳᠠ ᠰᠠᠷ᠎ᠠ ᠳᠤ ᠳᠤᠯᠠᠶᠢᠭᠰᠠᠨ ᠨᠠᠷᠠ ᠲᠠᠢ ᠬᠠᠯᠠᠭᠤᠨ ᠡᠳᠤᠷ ᠰᠠᠪᠠᠳᠠᠭ᠃ | ᠤᠩᠭᠠᠰᠤ ᠰᠠᠪᠠᠭ᠋ᠤ ᠠᠵᠢᠯ ᠪᠠᠰᠠ ᠦᠪᠡᠷ ᠤᠨ ᠣᠨᠴᠠᠯᠢᠭ ᠲᠠᠢ᠃ ︽ᠭᠡᠷ ᠤᠨ ᠪᠠᠭᠤᠴᠢ︾ ᠶᠢᠨ ᠴᠢᠨᠡᠭᠡ ᠳᠡᠭᠰᠢ | ᠭᠠᠵᠠᠷ ᠲᠤ ᠭᠤᠣᠯ ᠳᠤᠨᠢ ᠰᠢᠷᠣᠢ ᠬᠢᠵᠤ ᠭᠦᠳᠦᠶᠢᠯᠭᠡᠨ ᠵᠠᠰᠠᠭᠠᠳ ᠳᠡᠭᠡᠷ᠎ᠡ ᠨᠢ ᠦᠬᠡᠷ ᠮᠣᠷᠢ ᠶᠢᠨ ᠴᠣᠯᠭᠤᠢ ᠰᠢᠷᠢ | ᠳᠡᠭᠡᠷ᠎ᠡ ᠪᠠᠨ ᠠᠬᠠᠷ ᠤᠩᠭᠠᠰᠤ ᠪᠠᠨ ᠪᠦᠯᠦᠭ ᠪᠦᠯᠦᠭ ᠰᠠᠪᠠᠭ᠋ᠤ ᠬᠡᠮᠵᠢᠶ᠎ᠡ ᠪᠠᠷ ᠳᠠᠰᠤᠯᠵᠤ ᠲᠠᠯᠪᠢᠨ᠂ ᠰᠠᠪᠠᠭ᠋ᠤ | ᠬᠦᠮᠦᠰ ᠨᠢ ᠰᠢᠷᠢ ᠪᠠᠨ ᠳᠣᠭᠤᠷᠢᠵᠤ ᠰᠠᠭᠤᠭᠠᠳ ᠣᠩᠭᠠᠰᠤ ᠪᠠᠨ ᠴᠣᠬᠢᠵᠤ ᠰᠠᠪᠠᠯᠴᠢᠨᠠ᠃ ᠬᠦᠮᠦᠨ ᠪᠦᠷᠢ 2.5— | 3 ᠳᠣᠬᠤᠢ ᠦᠨᠳᠤᠷ ᠨᠢᠭᠡ ᠬᠤᠣᠰ ᠮᠣᠶᠢᠯ ᠤᠨ ᠮᠣᠳᠤᠨ ︵ᠮᠣᠶᠢᠯ ᠤᠨ ᠮᠣᠳᠣ ᠬᠠᠮᠤᠭ ᠤᠨ ᠰᠠᠶᠢᠨ︶ ᠰᠠᠪᠠᠭ᠎ᠠ | ᠪᠠᠷᠢᠵᠤ ᠰᠠᠪᠠᠳᠠᠭ᠃ ᠰᠠᠪᠠᠭ᠎ᠠ ᠶᠢᠨ ᠪᠦᠳᠦᠭᠦᠨ ᠨᠢ ᠡᠷᠡᠬᠡᠢ ᠬᠤᠷᠤᠭᠤ ᠶᠢᠨ ᠬᠢᠷᠢ ᠲᠠᠢ ᠪᠦᠳᠦᠭᠦᠨ ᠳᠤᠰᠬᠠᠢ | ᠤᠩᠭᠠᠰᠤ ᠰᠠᠪᠠᠭ᠋ᠤ ᠦᠢᠯᠡᠳᠪᠦᠷᠢᠯᠡᠯ ᠤᠨ ᠪᠠᠭᠠᠵᠢ ᠶᠢᠨ ᠨᠢᠭᠡ ᠪᠣᠯᠤᠨ᠎ᠠ᠃ ᠬᠡᠳᠤᠢ ᠭᠦᠯᠢᠭᠡᠷ ᠬᠡᠳᠦᠢ ᠠᠰᠬᠠᠨ ᠪᠣᠯ | ᠲᠡᠳᠦᠢ ᠰᠠᠶᠢᠨ᠃ ᠤᠷᠲᠦ ᠶᠢᠨ ᠤᠩᠭᠠᠰᠤ ᠶᠢ ᠪᠠᠰᠠ ᠴᠦᠬᠡᠪᠦᠷᠢ ᠪᠦᠯᠦᠭ ᠰᠠᠪᠠᠳᠠᠭ᠃ ᠶᠡᠬᠡᠩᠬᠢ ᠭᠡᠰᠡᠭ ᠢ ᠨᠢ | ᠰᠠᠪᠠᠭ᠋ᠤ ᠦᠭᠡᠢ᠃ ᠢᠰᠡᠭᠡᠢ ᠬᠢᠬᠦ ᠳᠤ ︽ᠬᠦᠭᠡᠪᠦᠷᠢ︾ ᠲᠠᠯᠪᠢᠨ᠎ᠠ᠃ ︽ᠬᠦᠭᠡᠪᠦᠷᠢ︾ ᠲᠠᠯᠪᠢᠬᠤ ᠳᠤ ᠢᠰᠡᠭᠡᠢ | ᠵᠤᠵᠠᠭᠠᠷᠠᠳᠠᠭ ᠪᠦᠭᠡᠳ ᠬᠤᠷᠠᠭᠠᠨ ᠠᠬᠠᠷ ᠲᠤ ᠠᠷᠪᠢᠲᠠᠢ ᠶᠤᠮ᠃ ᠤᠩᠭᠠᠰᠤ ᠰᠠᠪᠠᠭ᠋ᠤ ᠳᠤ ︽ᠰᠠᠪᠠᠯᠴᠠᠬᠤ︾᠂ ︽ | ᠡᠷᠬᠢᠭᠦᠯᠭᠦ︾᠂ ︽ᠨᠡᠶᠢᠯᠡᠭᠦᠯᠭᠦ ︾᠂ ︽ᠮᠣᠰᠬᠢᠬᠤ︾ ᠵᠡᠷᠭᠡ ᠳᠣᠭᠲᠠᠭᠰᠠᠨ ᠠᠯᠬᠤᠮ ᠳᠠᠷᠠᠭ᠎ᠠ ᠪᠠᠷ ᠶᠠᠪᠤᠭᠳᠠᠳᠠᠭ᠃ | ᠤᠩᠭᠠᠰᠤ ᠰᠠᠪᠠᠭ᠋ᠤ ᠳᠤ ᠵᠢᠭᠳᠡ ᠴᠣᠬᠢᠬᠤ ᠪᠦᠭᠡᠳ ᠬᠤᠶᠠᠷ ᠭᠠᠷ ᠰᠣᠯᠢᠵᠤ ᠴᠣᠬᠢᠬᠤ ᠵᠡᠷᠭᠡ ᠬᠤᠶᠠᠷ ᠶᠠᠩᠵᠤ | ᠪᠠᠶᠢᠳᠠᠭ᠃ ᠰᠠᠪᠠᠴᠢᠬᠤ ᠳᠤ ᠰᠣᠯᠢᠵᠤ ᠴᠣᠬᠢᠵᠤ ᠨᠡᠶᠢᠯᠡᠭᠦᠯᠭᠦ ᠳᠤ ᠵᠡᠷᠭᠡ ᠴᠤᠬᠢᠨ᠎ᠠ᠃ | ᠦᠵᠦᠮᠦᠴᠢᠨ ᠳᠤ ᠢᠰᠡᠭᠡᠢ ᠶᠢ ᠲᠠᠪᠤᠨ ᠰᠠᠷ᠎ᠠ ᠶᠢᠨ ᠰᠡᠭᠦᠯ ᠳᠤ ᠬᠢᠳᠡᠭ᠃ 3—5 ᠬᠤᠨᠤᠭ ᠬᠡᠷᠡᠭᠯᠡᠨ᠎ᠡ᠃ | ᠡᠨᠡ ᠬᠤᠭᠤᠴᠠᠭ᠎ᠠ ᠪᠣᠯ ᠢᠰᠡᠭᠡᠢ ᠬᠢᠬᠦ ᠬᠠᠮᠤᠭ ᠤᠨ ᠲᠣᠬᠢᠷᠠᠮᠵᠢᠲᠠᠢ ᠴᠠᠭ ᠬᠤᠭᠤᠴᠠᠭ᠎ᠠ ᠮᠦᠨ᠃ ᠡᠨᠡ ᠦᠶ᠎ᠡ ᠳᠤ | ᠠᠬᠠᠷ᠂ ᠬᠤᠷᠠᠭ᠎ᠠ᠂ ᠤᠷᠲᠦ ᠶᠢᠨ ᠤᠩᠭᠠᠰᠤ ᠪᠦᠷᠢ ᠪᠦᠷᠢᠳᠦᠨ ᠢᠰᠡᠭᠡᠢ ᠬᠢᠬᠦ ᠲᠦᠭᠦᠬᠡᠢ ᠡᠳ᠋ ᠭᠦᠢᠴᠡᠳ ᠪᠣᠯᠳᠠᠭ᠃ | ᠲᠦᠯ ᠳᠣᠰᠴᠤ ᠭᠠᠷᠤᠯᠲᠠ ᠬᠤᠷᠢᠶᠠᠬᠤ ᠠᠵᠢᠯ ᠲᠡᠭᠦᠰᠴᠤ᠂ ᠬᠦᠮᠦᠰ ᠵᠠᠪ ᠵᠠᠢ ᠲᠠᠢ ᠲᠡᠨᠢᠭᠦᠨ ᠴᠠᠭ᠂ ᠤᠯᠠᠷᠢᠯ | ᠰᠠᠶᠢᠬᠠᠨ᠂ ᠡᠳᠤᠷ ᠬᠠᠯᠠᠭᠤᠨ ᠢᠰᠡᠭᠡᠢ ᠤᠩᠭᠠᠰᠤ ᠨᠡᠶᠢᠯᠡᠮᠵᠢ ᠰᠠᠶᠢᠨ᠂ ᠣᠨᠴᠠᠭᠠᠶᠢᠯᠠᠨ ᠰᠦ ᠴᠠᠭᠠᠨ ᠢᠳᠡᠭᠡ | ᠭᠦᠢᠴᠡᠳ᠂ ᠦᠷᠦᠮ᠎ᠡ ᠵᠦᠬᠡᠬᠡᠢ ᠡᠯᠪᠡᠭ᠂ ᠮᠠᠯ ᠲᠠᠷᠭᠤᠯᠠᠵᠤ ︽ᠢᠰᠡᠭᠡᠢ ᠶᠢᠨ ᠴᠠᠪ ︾ ᠭᠡᠵᠤ ᠮᠠᠯ ᠪᠠᠵᠠᠭᠠᠵᠤ | ᠲᠦᠭᠦᠷᠦᠬᠦ ᠳᠤ ᠳᠤᠬᠢᠲᠠᠢ᠃ ᠠᠳᠤᠭᠤ ᠤᠰᠤᠨ ᠲᠠᠷᠭᠤ ᠠᠪᠴᠤ ᠳᠣᠰᠤᠨ ᠲᠠᠷᠭᠤ ᠰᠠᠭᠤᠭᠠᠳᠦᠢ᠂ ᠢᠰᠡᠭᠡᠢ | ᠳᠠᠲᠠᠬᠤ ᠳᠤ ᠤᠨᠤᠯᠭ᠎ᠠ ᠤᠨᠤᠰᠢ ᠳᠤ ᠲᠤᠶᠢᠯ ᠤᠨ ᠠᠰᠢᠭᠲᠠᠢ᠃ ᠡᠶᠢᠮᠦ ᠠᠴᠠ ︽ᠲᠠᠪᠤᠨ ᠰᠠᠷ᠎ᠠ ︾ ᠢᠰᠡᠭᠡᠢ ᠬᠢᠬᠦ | ᠦᠢᠯᠡᠳᠪᠦᠷᠢᠯᠡᠯ ᠤᠨ ᠵᠠᠩᠭᠢᠯᠠᠭ᠎ᠠ ᠶᠢᠨ ᠴᠠᠭ ᠮᠦᠴᠡ ᠪᠠᠶᠢᠵᠤ᠂ ᠨᠤᠮᠢᠨ ᠨᠣᠭᠤᠭᠠᠨ ᠲᠠᠯ᠎ᠠ ᠳᠡᠭᠡᠷ᠎ᠡ ᠮᠦᠩᠭᠦᠨ | ᠴᠠᠭᠠᠨ ᠢᠰᠡᠭᠡᠢ ᠮᠡᠨᠳᠦᠯᠡᠳᠡᠭ᠃ | |