ᠲᠣᠰᠠᠬᠠᠢ ᠮᠡᠷᠭᠡᠵᠢᠯᠲᠡᠨ ᠮᠠᠨ ᠤ ᠬᠤᠰᠢᠭᠤᠨ ᠳᠤ ᠢᠷᠡᠯ᠎ᠠ | | ᠡᠮᠴᠢᠯᠡᠭᠡᠨ ᠤ ᠬᠠᠮᠳᠣ ᠶᠢᠨ ᠴᠣᠭᠴᠠ ᠶᠢᠨ ᠪᠠᠶᠢᠭᠤᠯᠣᠯᠲᠠ ᠶᠢ ᠠᠬᠢᠭᠤᠯᠣᠨ᠂ ᠪᠠᠷᠠᠭᠤᠨ ᠦᠵᠦᠮᠦᠴᠢᠨ | ᠬᠤᠰᠢᠭᠤᠨ ᠤ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠭᠦᠯᠵᠦ᠂ ᠣᠯᠠᠨ | ᠡᠪᠡᠳᠴᠢᠳᠡᠨ ᠳᠤ ᠳᠦᠭᠦᠮ ᠪᠣᠯᠭᠠᠬᠤ ᠶᠢᠨ ᠲᠣᠰᠠᠳᠠ ᠰᠢᠯᠢ ᠶᠢᠨ ᠭᠤᠣᠯ ᠠᠶᠢᠮᠠᠭ ᠤᠨ ᠲᠦᠪ ᠡᠮᠨᠡᠯᠭᠡ ᠶᠢᠨ | ᠬᠤᠷᠢᠶ᠎ᠠ ᠨᠢ ᠭᠤᠷᠪᠠᠨ ᠨᠡᠷ᠎ᠡ ᠪᠠᠶᠢᠩᠭᠤ ᠰᠠᠭᠤᠵᠣ ᠡᠮᠴᠢᠯᠡᠬᠦ ᠡᠮᠴᠢ ᠶᠢ ᠪᠠᠷᠠᠭᠤᠨ ᠦᠵᠦᠮᠦᠴᠢᠨ ᠬᠤᠰᠢᠭᠤᠨ ᠳᠤ | ᠲᠣᠮᠢᠯᠠᠨ᠂ ᠰᠢᠯᠢᠳᠡᠭ ᠰᠠᠶᠢᠨ ᠡᠮᠴᠢᠯᠡᠭᠡᠨ ᠤ ᠪᠣᠯᠣᠮᠵᠢ ᠶᠢ ᠬᠠᠩᠭᠠᠬᠤ ᠪᠠᠷ ᠪᠣᠯᠣᠯ᠎ᠠ᠃ | 1 ᠰᠠᠷ᠎ᠠ ᠶᠢᠨ 13 ᠤ ᠡᠳᠦᠷ ᠤᠨ 9 ᠴᠠᠭ ᠲᠤ ᠰᠣᠷᠪᠣᠯᠵᠢᠯᠠᠭᠴᠢ ᠪᠠᠷᠠᠭᠤᠨ ᠦᠵᠦᠮᠦᠴᠢᠨ ᠬᠤᠰᠢᠭᠤᠨ ᠤ | ᠡᠮᠨᠡᠯᠭᠡ ᠶᠢᠨ ᠬᠤᠷᠢᠶᠠᠨ ᠳᠤ ᠬᠦᠷᠬᠦ ᠳᠤ ᠰᠢᠯᠢ ᠶᠢᠨ ᠭᠤᠣᠯ ᠠᠶᠢᠮᠠᠭ ᠤᠨ ᠲᠦᠪ ᠡᠮᠨᠡᠯᠭᠡ ᠶᠢᠨ ᠬᠤᠷᠢᠶᠠᠨ ᠤ | ᠰᠡᠭᠦᠳᠡᠷᠯᠡᠬᠦ ᠰᠠᠯᠠᠭᠠᠨ ᠤ ᠭᠤᠣᠯᠯᠠᠭᠴᠢ ᠡᠮᠴᠢ ᠵᠠᠩ ᠶᠢᠩ ᠡᠮᠴᠢᠯᠡᠭᠡ ᠬᠢᠵᠦ ᠂ ᠡᠪᠡᠳᠴᠢᠳᠡᠨ ᠤ ᠡᠪᠡᠳᠴᠢᠨ ᠤ | ᠲᠡᠦᠭᠡ᠂ ᠣᠣᠭᠤᠭᠰᠠᠨ ᠡᠮ ᠂ ᠠᠮᠢᠳᠣᠷᠠᠯ ᠤᠨ ᠲᠠᠳᠬᠠᠯ ᠵᠡᠷᠭᠡ ᠶᠢ ᠨᠢ ᠠᠰᠠᠭᠤᠬᠤ ᠶᠢᠨ ᠲᠠᠭᠠᠣ ᠡᠪᠡᠳᠴᠢᠳᠡᠨ | ᠳᠤ ᠬᠢᠨᠠᠮᠠᠭᠠᠢ ᠰᠠᠶᠢᠬᠠᠨ ᠪᠠᠶᠢᠴᠠᠭᠠᠯᠲᠠ ᠬᠢᠵᠦ ᠪᠠᠶᠢᠭ᠎ᠠ ᠲᠠᠢ ᠲᠠᠭᠠᠷᠠᠯᠳᠣᠯᠠ᠃ | ︿ᠬᠦᠮᠦᠰ ᠡᠪᠡᠳᠴᠢᠯᠡᠪᠡᠯ ᠲᠣᠰᠠᠬᠠᠢ ᠮᠡᠷᠭᠡᠵᠢᠯᠳᠡᠨ ᠡᠮᠴᠢ ᠶᠢ ᠡᠷᠢᠵᠦ ᠦᠵᠡᠭᠦᠯᠬᠦ ᠶᠢ ᠵᠣᠷᠢᠳᠠᠭ᠂ ᠬᠡᠪᠡᠴᠦ ᠶᠡᠭᠡ | ᠬᠤᠳᠠ ᠶᠢᠨ ᠡᠮᠨᠡᠯᠭᠡ ᠳᠤ ᠳᠣᠰᠠᠬᠠᠢ ᠮᠡᠷᠭᠡᠵᠢᠯᠳᠡᠨ ᠢ ᠡᠷᠢᠬᠦ ᠳᠤ ᠮᠦᠷᠯᠡᠵᠦ ᠳ᠋ᠣᠭᠠᠷᠯᠠᠬᠤ ᠠᠴᠠ ᠡᠬᠢᠯᠡᠭᠡᠳ | ᠠᠭᠤᠯᠵᠠᠵᠣ ᠡᠮᠴᠢᠯᠡᠬᠦᠯᠬᠦ ᠬᠦᠷᠳᠡᠯ᠎ᠡ ᠪᠠᠷᠤᠭ ᠬᠠᠭᠠᠰ ᠡᠳᠦᠷ ᠣᠷᠣᠳᠠᠭ᠂ ᠣᠳᠣ ᠳᠣᠰᠠᠬᠠᠢ ᠮᠡᠷᠭᠡᠵᠢᠯᠳᠡᠨ ᠮᠠᠨ ᠤ | ᠲᠡᠷᠭᠡᠳᠡ ᠢᠷᠡᠵᠦ ᠡᠮᠴᠢᠯᠡᠬᠦ ᠪᠣᠯᠣᠭᠰᠠᠨ ᠨᠢ ᠴᠠᠭ ᠵᠠᠪ ᠳᠤ ᠠᠷᠪᠢᠳᠠᠢ᠂ ᠳᠦᠭᠦᠮ ᠪᠣᠯᠣᠯ᠎ᠠ﹀ ᠭᠡᠵᠦ ᠠᠳᠡ | ᠢᠷᠡᠭᠰᠡᠨ ᠬᠦᠮᠦᠰ ᠪᠠᠶᠠᠷᠳᠠᠢ ᠶᠠᠷᠢᠵᠠᠭᠠᠨ᠎ᠠ᠃ | ᠲᠣᠰᠠᠬᠠᠢ ᠮᠡᠷᠭᠡᠵᠢᠯᠳᠡᠨ ᠤ ᠡᠮᠴᠢᠯᠡᠬᠦ ᠴᠠᠭ᠄ | ᠵᠠᠩ ᠶᠢᠩ᠄ ᠰᠢᠯᠢ ᠶᠢᠨ ᠭᠤᠣᠯ ᠠᠶᠢᠮᠠᠭ ᠤᠨ ᠳᠦᠪ ᠡᠮᠨᠡᠯᠭᠡ ᠶᠢᠨ ᠬᠤᠷᠢᠶᠠᠨ ᠤ ᠰᠡᠭᠦᠳᠡᠷᠯᠡᠬᠦ ᠰᠠᠯᠠᠭᠠᠨ ᠤ | ᠭᠤᠣᠯᠯᠠᠭᠴᠢ ᠡᠮᠴᠢ | ᠡᠮᠴᠢᠯᠡᠬᠦ ᠭᠠᠵᠠᠷ᠄ ᠨᠢᠭᠡᠳᠦᠭᠡᠷ ᠠᠰᠠᠷ ᠤᠨ ᠵᠡᠭᠦᠨ ᠲᠡᠯ᠎ᠡ ᠶᠢᠨ ᠰᠡᠭᠦᠳᠡᠷᠯᠡᠬᠦ ᠰᠠᠯᠠᠭᠠᠨ ᠤ CT ᠲᠠᠰᠤᠭ᠂ ᠭᠠᠷᠠᠭ | ᠪᠦᠷᠢ ᠶᠢᠨ ᠨᠢᠭᠡᠨ ᠠᠴᠠ ᠲᠠᠪᠣᠨ ᠤ ᠡᠳᠦᠷ 8᠄ 00 ᠴᠠᠭ 17᠄30 | ᠳ᠋ᠦ᠋ ᠮᠡᠢ ᠴᠢᠩ᠄ ᠰᠢᠯᠢ ᠶᠢᠨ ᠭᠤᠣᠯ ᠠᠶᠢᠮᠠᠭ ᠤᠨ ᠳᠦᠪ ᠡᠮᠨᠡᠯᠭᠡ ᠶᠢᠨ ᠬᠤᠷᠢᠶᠠᠨ ᠤ ᠡᠮᠡᠭᠳᠡᠢ ᠶᠢᠨ ᠰᠠᠯᠠᠭᠠᠨ | ᠤ ᠳᠡᠳ᠋ ᠡᠷᠬᠢᠯᠡᠭᠴᠢ ᠡᠮᠴᠢ | ᠡᠮᠴᠢᠯᠡᠬᠦ ᠭᠠᠵᠠᠷ᠄ ᠭᠤᠷᠪᠠᠳᠣᠭᠠᠷ ᠠᠰᠠᠷ ᠤᠨ ᠡᠮᠡᠭᠳᠡᠢ ᠶᠢᠨ ᠰᠠᠯᠠᠭᠠᠨ ᠤ ᠠᠯᠪᠠᠨ ᠭᠡᠷ | ᠯᠠᠪᠯᠠᠬᠤ ᠣᠳᠠᠰᠣ᠄ 3524223 | ᠸᠠᠩ ᡁᠢ ᠶᠢᠨ᠄ ᠰᠢᠯᠢ ᠶᠢᠨ ᠭᠤᠣᠯ ᠠᠶᠢᠮᠠᠭ ᠤᠨ ᠳᠦᠪ ᠡᠮᠨᠡᠯᠭᠡ ᠶᠢᠨ ᠬᠤᠷᠢᠶᠠᠨ ᠤ ᠬᠤᠷᠢᠶᠠᠨ ᠲᠠᠷᠤᠭ᠎ᠠ | ᠶᠢᠨ ᠲᠣᠰᠠᠯᠠᠭᠴᠢ ᠂ ᠳᠣᠳᠣᠷ ᠰᠠᠯᠬᠭᠠᠨ ᠤ ᠡᠷᠬᠢᠯᠡᠭᠴᠢ ︵ ᠳᠣᠮᠳᠠᠳᠣ ᠣᠯᠣᠰ ᠤᠨ ᠴᠢᠯᠦᠭᠡᠯᠡᠬᠦ ᠴᠡᠷᠢᠭ ᠤᠨ | 305 ᠡᠮᠨᠡᠯᠭᠡ ᠶᠢᠨ ᠬᠤᠷᠢᠶᠠᠨ ᠤ ᠣᠣᠯ ᠤᠨ ᠰᠢᠩᠭᠡᠭᠡᠯᠳᠡ ᠶᠢᠨ ᠰᠠᠯᠠᠭᠠᠨ ᠤ ᠡᠷᠬᠢᠯᠡᠭᠴᠢ︶ | ᠡᠮᠴᠢᠯᠡᠬᠦ ᠭᠠᠵᠠᠷ᠄ ᠪᠠᠷᠠᠭᠤᠨ ᠦᠵᠦᠮᠦᠴᠢᠨ ᠬᠤᠰᠢᠭᠤᠨ ᠤ ᠡᠮᠨᠡᠯᠭᠡ ᠶᠢᠨ ᠬᠤᠷᠢᠶᠠᠨ ᠤ ᠬᠤᠶᠠᠳᠣᠭᠠᠷ ᠠᠰᠠᠷ | ᠤᠨ ᠬᠤᠳᠣᠭᠤᠳᠣᠨ ᠡᠮᠴᠢᠯᠡᠭᠡ ᠶᠢᠨ ᠰᠠᠯᠠᠭ᠎ᠠ 2021 ᠣᠨ ᠤ 1 ᠰᠠᠷ᠎ᠠ 16 ᠠᠴᠠ 17 ︵ ᠭᠠᠷᠠᠭ ᠤᠨ | ᠵᠢᠷᠭᠤᠭᠠᠨ᠂ ᠭᠠᠷᠠᠭ ᠤᠨ ᠡᠳᠦᠷ︶ | ᠣᠷᠢᠳᠴᠢᠯᠠᠨ ᠪᠣᠯᠵᠣᠬᠤ ᠣᠳᠠᠰᠣ᠄15148662233 |