ᠴᠠᠢ ᠤᠤᠭᠤᠪᠠᠯ ᠶᠠᠰᠤ ᠰᠡᠶᠢᠷᠡᠭᠵᠢᠬᠦ ᠶᠢ ᠰᠡᠷᠭᠡᠶᠢᠯᠡᠵᠤ ᠴᠢᠳᠠᠨ᠎ᠠ | | ᠴᠠᠢ ᠤᠤᠭᠤᠬᠤ ᠨᠢ ᠠᠷᠤᠭ ᠶᠠᠰᠤᠨ ᠤ ᠡᠷᠡᠭᠦᠯ ᠮᠡᠨᠳᠦ ᠳᠤ ᠠᠰᠢᠭᠳᠠᠢ᠂ ᠤᠨᠴᠠᠭᠠᠢᠢᠯᠠᠨ ᠪᠦᠰᠡᠭᠦ᠋ᠢᠴᠤᠳ ᠲᠤ | ᠠᠪᠴᠤ ᠬᠡᠯᠡᠪᠡᠯ᠂ ᠶᠠᠰᠤ ᠰᠡᠶᠢᠷᠡᠭᠵᠢᠬᠦ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠬᠤ ᠦᠢᠯᠡᠳᠦᠯ ᠲᠠᠢ | ᠶᠤᠮ᠃ ᠤᠢᠢᠷ᠎ᠠ ᠳᠤ᠂ ᠪᠡᠭᠡᠵᠢᠩ ᠶᠡᠭᠡ ᠰᠤᠷᠭᠠᠭᠤᠯᠢ ᠶᠢᠨ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠲᠡᠭᠡᠳᠦ | ᠰᠤᠷᠭᠠᠭᠤᠯᠢ ᠶᠢᠨ ᠯᠢ ᠮᠢᠩ ᠫᠷᠤᠹᠧᠰᠰᠤᠷ ᠤᠨ ᠰᠤᠳᠤᠯᠭᠠᠨ ᠤ ᠪᠠᠭ ᠡᠨᠡ ᠬᠦ ᠰᠢᠨ᠎ᠠ ᠰᠤᠳᠤᠯᠭᠠᠨ ᠤ ᠦᠷ᠎ᠠ | ᠪᠦᠳᠦᠭᠡᠯ ᠢᠶᠠᠨ ᠨᠡᠶᠢᠳᠡᠯᠡᠭᠰᠡᠨ ᠪᠠᠶᠢᠨ᠎ᠠ᠃ ᠠᠷᠤᠭ ᠶᠠᠰᠤᠨ ᠤ ᠬᠠᠳᠠᠨ ᠴᠢᠨᠠᠷ ᠨᠢ ᠶᠠᠰᠤᠨ ᠤ ᠨᠢᠭᠳᠠᠴᠠ ᠪᠤᠯᠤᠨ | ᠶᠠᠰᠤᠨ ᠤ ᠶᠠᠰᠤ ᠴᠢᠨᠠᠷ ᠢᠶᠠᠷ ᠲᠤᠭᠳᠠᠭᠠᠭᠳᠠᠨ᠎ᠠ᠂ ᠡᠮᠦᠨᠡᠬᠢ ᠨᠢ 70% ᠶᠢᠨ ᠬᠠᠷᠢᠴᠠᠯ ᠢ ᠡᠵᠡᠯᠡᠨ᠎ᠠ᠃ ᠶᠠᠰᠤᠨ ᠤ | ᠨᠢᠭᠳᠠᠴᠠ ᠨᠢ ᠶᠠᠰᠤᠨ ᠤ ᠬᠡᠮᠵᠢᠶᠡᠨ ᠤ ᠠᠯᠳᠠᠭᠳᠠᠯ ᠤᠨ ᠡᠪᠡᠳᠴᠢᠨ ᠤ ᠵᠦᠢ ᠶᠢ ᠲᠤᠰᠬᠠᠵᠤ᠂ ᠶᠠᠰᠤ ᠪᠡᠷᠳᠡᠬᠦ | ᠲᠦᠭᠰᠢᠭᠦᠷᠢ ᠶᠢ ᠤᠷᠢᠳᠴᠢᠯᠠᠨ ᠢᠯᠡᠷᠭᠡᠶᠢᠯᠡᠵᠤ ᠴᠢᠳᠠᠨ᠎ᠠ᠃ ᠰᠤᠳᠤᠯᠭᠠᠨ ᠤ ᠪᠠᠭ ᠨᠢ 2 ᠲᠦᠮᠡ ᠭᠠᠷᠤᠢ ᠬᠦᠮᠦᠨ ᠤ | ᠶᠠᠰᠤᠨ ᠤ ᠨᠢᠭᠳᠠᠴᠠ ᠶᠢᠨ ᠲᠤᠭ᠎ᠠ ᠪᠠᠷᠢᠮᠳᠠ ᠶᠢ ᠦᠨᠳᠦᠰᠦᠯᠡᠨ ᠵᠠᠳᠠᠯᠤᠨ ᠰᠢᠨᠵᠢᠯᠡᠭᠡᠳ ᠮᠡᠳᠡᠭᠰᠡᠨ ᠨᠢ᠂ | ᠶᠠᠷᠦ ᠳᠡᠭᠡᠨ ᠴᠠᠢ ᠤᠤᠭᠤᠬᠤ ᠲᠠᠳᠬᠠᠯ ᠲᠠᠢ ᠪᠦᠰᠡᠭᠦ᠋ᠢᠴᠤᠳ ᠤᠨ ᠶᠠᠰᠤᠨ ᠤ ᠨᠢᠭᠳᠠᠴᠠ ᠮᠡᠳᠡᠭᠳᠡᠮ᠎ᠠ ᠶᠡᠭᠡ ᠪᠠᠶᠢᠨ᠎ᠠ | ᠃ ᠴᠠᠢ ᠪᠦᠷᠢᠬᠦ ᠬᠡᠮᠵᠢᠶ ᠠ ᠪᠤᠯᠤᠨ ᠶᠠᠰᠤᠨ ᠤ ᠨᠢᠭᠳᠠᠴᠠ ᠶᠢᠨ ᠬᠠᠷᠢᠴᠠᠭ᠎ᠠ ᠶᠢ ᠤᠯᠠᠮ ᠨᠢᠭᠡ ᠠᠯᠬᠤᠮ | ᠵᠠᠳᠠᠯᠤᠭᠰᠠᠨ ᠤ ᠲᠠᠷᠠᠭ᠎ᠠ ᠰᠤᠳᠤᠯᠭᠠᠳᠠᠨ ᠤ ᠢᠯᠡᠷᠡᠭᠦᠯᠦᠭᠰᠡᠨ ᠢᠶᠠᠷ᠂ ᠡᠳᠦᠷ ᠪᠦᠷᠢ ᠶᠢᠨ ᠴᠠᠢ ᠪᠦᠷᠢᠵᠤ ᠤᠤᠭᠤᠬᠤ | ᠬᠡᠮᠵᠢᠶ᠎ᠠ ᠨᠢ 6 ᠭᠷᠠᠮ ᠠᠴᠠ ᠪᠠᠭ᠎ᠠ ᠬᠦᠮᠦᠰ ᠤᠨ ᠶᠠᠰᠤᠨ ᠤ ᠨᠢᠭᠳᠠᠴᠠ ᠨᠢ ᠴᠠᠢ ᠤᠤᠭᠤᠬᠤ ᠦᠭᠡᠢ ᠬᠦᠮᠦᠰ ᠠᠴᠠ | ᠶᠡᠭᠡ ᠪᠠᠶᠢᠨ᠎ᠠ᠃ ᠭᠡᠪᠡᠴᠤ ᠦᠳᠭᠡᠨ ᠴᠠᠢ ᠤᠤᠭᠤᠬᠤ ︵ᠴᠠᠢ ᠶᠢᠨ ᠬᠡᠮᠵᠢᠶ᠎ᠠ 6 ᠭᠷᠠᠮ ᠡᠳᠦᠷ︶ ᠬᠦᠮᠦᠨ ᠤ | ᠶᠠᠰᠤᠨ ᠤ ᠨᠢᠭᠳᠠᠴᠠ ᠨᠢ ᠦᠷᠭᠦᠯᠵᠢᠯᠡᠨ ᠨᠡᠮᠡᠭᠳᠡᠭᠰᠡᠨ ᠦᠭᠡᠢ᠃ ᠪᠠᠰᠠ ᠨᠢᠭᠡ ᠰᠤᠳᠤᠯᠭᠠᠨ ᠳᠤ᠂ 45 ᠲᠦᠮᠡ | ᠭᠠᠷᠤᠢ ᠬᠦᠮᠦᠨ ᠢ ᠤᠷᠳᠤ ᠬᠤᠭᠤᠴᠠᠭ᠎ᠠ ᠪᠠᠷ ᠲᠠᠭᠠᠨ ᠰᠤᠷᠪᠤᠯᠵᠢᠯᠠᠭᠰᠠᠨ ᠲᠤᠭ᠎ᠠ ᠪᠠᠷᠢᠮᠳᠠ ᠪᠠᠷ ᠲᠡᠮᠵᠢᠵᠤ | ᠮᠡᠳᠡᠭᠰᠡᠨ ᠨᠢ᠂ ᠡᠳᠦᠷ ᠪᠦᠷᠢ ᠴᠠᠢ ᠤᠤᠭᠤᠬᠤ ᠨᠢ ᠶᠠᠰᠤᠨ ᠤ ᠪᠡᠷᠳᠡᠯ ᠢᠶᠠᠷ ᠡᠮᠨᠡᠯᠭᠡ ᠳᠤ ᠤᠷᠤᠬᠤ ᠨᠤᠷᠮ᠎ᠠ ᠶᠢ | ᠪᠠᠭᠠᠰᠬᠠᠵᠠᠢ᠃ ᠲᠤᠰ ᠳ᠋ᠦᠩ ᠨᠢ ᠡᠷᠡᠭᠳᠡᠢ ᠪᠠ ᠡᠮᠡᠭᠳᠡᠢ ᠶᠢᠨ ᠲᠤᠳᠤᠷ᠎ᠠ ᠦᠨᠳᠦᠰᠦᠨ ᠲᠡᠭᠡᠨ ᠠᠳᠠᠯᠢ᠃ ᠡᠭᠦᠨ ᠳᠤ | ᠴᠠᠢ ᠤᠤᠭᠤᠳᠠᠭ ᠬᠦᠮᠦᠨ ᠤ ᠰᠡᠭᠦᠵᠢᠨ ᠶᠠᠰᠤᠨ ᠤ ᠪᠡᠷᠳᠡᠯ ᠠᠴᠠ ᠪᠤᠯᠵᠤ ᠡᠮᠨᠡᠯᠭᠡ ᠳᠤ ᠤᠷᠤᠬᠤ ᠲᠦᠭᠰᠢᠭᠦᠷᠢ ᠨᠢ | 20% ᠪᠠᠷ ᠪᠠᠭᠤᠷᠠᠵᠤ᠂ 30 ᠵᠢᠯ ᠠᠴᠠ ᠲᠡᠭᠭᠰᠢ ᠴᠠᠢ ᠤᠤᠭᠤᠭᠰᠠᠨ ᠬᠦᠮᠦᠨ ᠤ ᠲᠦᠭᠰᠢᠭᠦᠷᠢ ᠶᠢᠨ ᠪᠤᠯᠤᠮᠵᠢ | 32% ᠢᠶᠠᠷ ᠪᠠᠭᠤᠷᠠᠭᠰᠠᠨ ᠪᠠᠶᠢᠨ᠎ᠠ᠃ |