ᠮᠠᠯᠴᠢᠨ ᠬᠦᠮᠦᠨ ᠤ ᠠᠮᠢ ᠭᠤᠣᠯ— ᠨᠤᠲᠤᠭ ᠪᠡᠯᠴᠢᠭᠡᠷ | | | | ︽ᠨᠤᠲᠤᠭ ᠪᠡᠯᠴᠢᠭᠡᠷ ᠭᠡᠳᠡᠭ ᠴᠢᠨᠢ ᠮᠠᠨ ᠤ ᠮᠠᠯᠴᠢᠨ ᠬᠦᠮᠦᠨ ᠤ ᠠᠮᠢ ᠭᠤᠣᠯ ᠲᠠᠢ ᠠᠳᠠᠯᠢᠬᠠᠨ᠂ | ᠡᠭᠦᠨ ᠢᠶᠠᠷ ᠢᠶᠠᠨ ᠪᠢᠳᠡ ᠮᠠᠯ ᠢᠶᠠᠨ ᠥᠰᠭᠡᠵᠦ ᠦᠷᠡᠵᠢᠭᠦᠯᠦᠨ ᠦᠶ᠎ᠡ ᠶᠢᠨ ᠦᠶ᠎ᠡ ᠠᠵᠠ ᠵᠢᠷᠭᠠᠯ ᠲᠠᠢ | ᠠᠮᠢᠳᠤᠷᠠᠳᠠᠭ᠂ ᠡᠶᠢᠮᠦ ᠠᠴᠠ ᠬᠠᠮᠠᠭᠠᠯᠠᠬᠤ ᠦᠭᠡᠢ ᠶᠠᠭᠠᠭᠢᠵᠤ ᠪᠤᠯᠬᠤ ᠪᠤᠢ︾ ᠭᠡᠮᠡᠨ ᠨᠠᠷᠠᠨᠮᠠᠨᠳᠤᠯ᠎ᠠ ᠭᠤᠸᠠᠢ | ᠪᠢᠳᠡᠨ ᠳᠤ ᠰᠡᠳᠭᠢᠯ ᠤᠨ ᠦᠭᠡ ᠪᠠᠨ ᠶᠠᠷᠢᠯ᠎ᠠ᠃ ᠡᠨᠡ ᠨᠢ ᠶᠠᠭ ᠶᠡᠷᠦᠩᠬᠡᠢ ᠱᠦᠵᠢ ᠰᠢ ᠶᠢᠨ ᠫᠢᠩ ᠤᠨ | ᠵᠠᠬᠢᠭᠰᠠᠨ ︽ᠲᠡᠷᠡ ᠬᠡᠪ ᠢᠶᠠᠷ ᠨᠢ ᠦᠯᠡᠳᠡᠭᠡ᠂ ᠦᠷ᠎ᠡ ᠬᠤᠶᠢᠴᠢᠰ ᠲᠤ ᠴᠢᠨᠢ ᠪᠤᠶᠠᠨ ᠪᠣᠯᠬᠤ ᠶᠤᠮ︾ ᠬᠡᠬᠦ ᠠᠮᠢ | ᠠᠬᠤᠢ ᠶᠢ ᠬᠠᠮᠠᠭᠠᠯᠠᠵᠤ ᠬᠦᠭᠵᠢᠭᠦᠯᠬᠦ ᠲᠤᠬᠠᠢ ᠵᠢᠭᠠᠪᠤᠷᠢ ᠲᠠᠢ ᠶᠠᠪ ᠴᠠᠪ ᠨᠡᠶᠢᠴᠡᠵᠦ᠂ ᠶᠡᠷᠦᠩᠬᠡᠢ ᠱᠦᠵᠢ ᠶᠢᠨ | ᠶᠠᠷᠢᠶ᠎ᠠ ᠮᠠᠯᠴᠢᠨ ᠲᠦᠮᠡᠨ ᠤ ᠰᠡᠳᠭᠢᠯ ᠳᠤ ᠬᠦᠷᠦᠭᠰᠡᠨ ᠢ ᠢᠯᠡᠳᠭᠡᠵᠦ ᠪᠠᠶᠢᠯ᠎ᠠ᠃ | | | | | ᠨᠠᠷᠠᠨᠮᠠᠨᠳᠤᠯ᠎ᠠ ᠪᠣᠯ ᠪᠠᠶᠠᠨᠬᠤᠰᠢᠭᠤ ᠰᠣᠮᠣᠨ ᠤ ᠪᠠᠶᠠᠨᠴᠠᠭᠠᠨ ᠭᠠᠴᠠᠭᠠᠨ ᠤ ᠮᠠᠯᠴᠢᠨ ᠶᠤᠮ᠃ ᠡᠳᠡᠨᠡᠶᠢᠬᠢᠨ ᠤ | ᠵᠢᠯ ᠤᠨ ᠳᠦᠷᠪᠡᠨ ᠤᠯᠠᠷᠢᠯ ᠬᠠᠭᠳᠠ ᠨᠤᠭᠤᠭ᠎ᠠ ᠨᠢ ᠬᠠᠯᠢᠭᠤᠷᠠᠭᠰᠠᠨ ᠦᠩᠰᠢᠭ ᠰᠠᠶᠢᠬᠠᠨ ᠪᠡᠯᠴᠢᠭᠡᠷ ᠨᠤᠲᠤᠭ ᠢ | ᠬᠠᠷᠠᠭᠰᠠᠨ ᠪᠦᠬᠦᠨ ᠱᠠᠭᠰᠢᠷᠠᠵᠣ᠂ ᠮᠠᠯ ᠪᠡᠯᠴᠢᠭᠡᠷ ᠢᠶᠠᠨ ᠵᠣᠬᠢᠴᠠᠭᠤᠯᠵᠤ ᠪᠠᠶᠢᠳᠠᠭ ᠤᠬᠠᠭᠠᠨ ᠬᠦᠳᠡᠯᠮᠦᠷᠢ ᠶᠢ ᠨᠢ | ᠪᠢᠰᠢᠷᠡᠳᠡᠭ ᠪᠠᠶᠢᠯ᠎ᠠ᠃ ᠨᠠᠷᠠᠨᠮᠠᠨᠳᠤᠯ᠎ᠠ ᠤᠨ ᠬᠢ ᠥᠪᠡᠷ ᠤᠨ ᠬᠤᠪᠢᠳᠠᠭᠰᠠᠨ 6180 ᠮᠦ ᠨᠤᠲᠤᠭ | ᠪᠡᠯᠴᠢᠭᠡᠷ ᠠᠴᠠ ᠪᠠᠨ ᠭᠠᠳᠠᠨ᠎ᠠ 3420 ᠮᠦ ᠪᠣᠰᠣᠳ ᠤᠨ ᠨᠤᠲᠤᠭ ᠢ ᠳᠦᠷᠢᠶᠡᠰᠦᠯᠡᠵᠦ᠂ 140 ᠭᠠᠷᠣᠢ ᠦᠬᠡᠷ᠂ | 600 ᠭᠠᠷᠤᠢ ᠬᠤᠨᠢ ᠮᠠᠯᠵᠢᠳᠠᠭ᠃2000 ᠣᠨ ᠠᠴᠠ ᠬᠤᠶᠢᠰᠢ ᠠᠮᠢ ᠠᠬᠤᠢ ᠮᠠᠭᠤᠲᠠᠵᠤ᠂ ᠪᠡᠯᠴᠢᠭᠡᠷ ᠨᠤᠲᠤᠭ | ᠨᠢ ᠲᠠᠴᠢᠷᠰᠢᠬᠤ ᠪᠠᠶᠢᠳᠠᠯ ᠭᠠᠷᠬᠤ ᠪᠠᠷ ᠨᠠᠷᠠᠨᠮᠠᠨᠳᠤᠯ᠎ᠠ ᠪᠣᠰᠣᠳ ᠤᠨ ᠨᠤᠲᠤᠭ ᠢ ᠳᠦᠷᠢᠶᠡᠰᠦᠯᠡᠵᠦ ᠂ ᠮᠢᠩᠭ᠎ᠠ ᠶᠢᠨ | ᠲᠤᠭ᠎ᠠ ᠶᠢ ᠳᠠᠪᠠᠭᠰᠠᠨ ᠬᠤᠨᠢ ᠪᠠᠨ ᠴᠦᠬᠡᠴᠢᠯᠡᠨ᠂ ᠲᠠᠪᠢ ᠭᠠᠷᠤᠢ ᠠᠳᠤᠭᠤ ᠪᠠᠨ ᠬᠤᠳᠠᠯᠳᠤᠵᠤ᠂2002 | ᠤᠨ ᠳᠤ ᠳ᠋ᠠᠴᠢᠨᠪᠤᠯᠠᠭ ᠮᠠᠯᠵᠢᠯ ᠤᠨ ᠲᠠᠯᠠᠪᠠᠢ ᠠᠴᠠ ᠬᠡᠳᠦᠨ ᠱᠠᠷᠦ᠋ᠯᠠᠢ ᠦᠬᠡᠷ ᠬᠤᠳᠠᠯᠳᠣᠨ ᠠᠪᠴᠦ᠂2011 | ᠣᠨ ᠳᠤ ᠪᠠᠰᠠ ᠬᠤᠷᠢᠭᠠᠳ ᠦᠬᠡᠷ ᠨᠡᠮᠡᠵᠦ ᠠᠪᠤᠭᠰᠠᠨ ᠢᠶᠠᠷ ᠦᠬᠡᠷ ᠭᠤᠣᠯᠲᠠᠢ ᠮᠠᠯᠵᠢᠳᠠᠭ ᠪᠤᠯᠵᠠᠢ᠃ ᠪᠡᠯᠴᠢᠭᠡᠷ | ᠨᠤᠲᠤᠭ ᠢᠶᠠᠨ ᠬᠠᠮᠠᠭᠠᠯᠠᠬᠤ ᠡᠭᠦᠳᠡᠨ ᠠᠴᠠ ᠡᠳᠡᠨᠡᠶᠢᠬᠢᠨ ᠪᠡᠯᠴᠢᠭᠡᠷ ᠢᠶᠠᠨ ᠳᠤᠯᠤᠭᠠᠨ ᠭᠡᠰᠡᠭ ᠬᠤᠪᠢᠶᠠᠨ ᠰᠡᠯᠭᠦᠨ | ᠮᠠᠯᠵᠢᠳᠠᠭ ᠢᠶᠠᠷ ᠪᠠᠷᠠᠬᠤ ᠦᠭᠡᠢ ᠬᠠᠪᠤᠷ ᠵᠤᠨ ᠤ ᠤᠯᠠᠷᠢᠯ ᠳᠠᠭᠠᠨ ᠦᠬᠡᠷ ᠤᠨ ᠰᠦᠷᠦᠭ ᠢᠶᠠᠨ ᠴᠤ ᠳᠦᠷᠪᠡᠨ | ᠪᠦᠯᠦᠭ ᠬᠤᠪᠢᠶᠠᠨ ᠮᠠᠯᠵᠢᠵᠤ᠂ ᠪᠡᠯᠴᠢᠭᠡᠷ ᠤᠨ ᠳᠠᠭᠠᠭᠠᠴᠠ ᠳᠤ ᠪᠠᠨ ᠵᠤᠬᠢᠴᠠᠭᠤᠯᠳᠠᠭ ᠪᠠᠶᠢᠨ᠎ᠠ᠃ ᠢᠩᠭᠢᠵᠦ | ᠮᠠᠯᠵᠢᠬᠤ ᠨᠢ ᠬᠡᠳᠦᠶᠢᠪᠡᠷ ᠬᠦᠳᠡᠯᠮᠦᠷᠢ ᠬᠦᠴᠦ ᠶᠡᠭᠡ ᠵᠠᠷᠤᠴᠠᠭᠤᠯᠳᠠᠭ ᠪᠤᠯᠪᠠᠴᠣ ᠪᠡᠯᠴᠢᠭᠡᠷ ᠨᠤᠲᠤᠭ ᠲᠠᠭᠠᠨ ᠭᠠᠮᠲᠠᠢ | ᠤᠴᠢᠷ ᠠᠴᠠ ᠢᠯᠡᠭᠦᠦ ᠬᠦᠳᠡᠯᠮᠦᠷᠢ ᠤᠷᠤᠭᠤᠯᠬᠤ ᠠᠴᠠ ᠨᠠᠷᠠᠨᠮᠠᠨᠳᠤᠯ᠎ᠠ ᠭᠤᠸᠠᠢ ᠶᠡᠷᠦ ᠳᠠᠳᠠᠭᠠᠯᠵᠠᠳᠠᠭ ᠦᠭᠡᠢ | ᠪᠠᠶᠢᠯ᠎ᠠ᠃ ︽ᠬᠠᠳᠤᠯᠠᠩ ᠢᠶᠠᠨ ᠵᠢᠯ ᠳᠠᠷᠠᠭᠠᠯᠠᠨ ᠬᠠᠳᠣᠭᠠᠳ ᠪᠠᠶᠢᠪᠠᠯ ᠤᠷᠭᠤᠴᠠ ᠨᠢ ᠠᠨᠠᠢ ᠪᠣᠯᠣᠨ᠎ᠠ᠂ | ᠡᠶᠢᠮᠦ ᠠᠴᠠ ᠮᠠᠨᠠᠶᠢᠬᠢᠨ ᠵᠢᠯ ᠦᠨᠵᠢᠭᠡᠳ ᠬᠠᠳᠣᠳᠠᠭ ᠶᠤᠮ︾ ᠭᠡᠮᠡᠨ ᠨᠠᠷᠠᠨᠮᠠᠨᠳᠣᠯ᠎ᠠ ᠭᠤᠸᠠᠢ ᠲᠤᠷᠰᠢᠯᠭ᠎ᠠ ᠠᠴᠠ ᠪᠠᠨ | ᠬᠤᠪᠢᠶᠠᠯᠴᠠᠯ᠎ᠠ᠃ ᠡᠳᠡᠨᠡᠶᠢᠬᠢᠨ ᠵᠢᠯ ᠪᠦᠷᠢ ᠬᠠᠳᠣᠯᠠᠩ ᠠᠴᠠ ᠪᠠᠨ ᠲᠦᠮᠡ ᠭᠠᠷᠣᠢ ᠪᠤᠭᠤᠯᠲᠠ ᠡᠪᠡᠰᠦ ᠬᠤᠷᠢᠶᠠᠵᠤ᠂ | ᠡᠪᠤᠯ ᠬᠠᠪᠤᠷ ᠤᠨ ᠤᠯᠠᠷᠢᠯ ᠳᠠᠭᠠᠨ ᠮᠠᠯ ᠢᠶᠠᠨ ᠮᠡᠨᠳᠦ ᠰᠠᠶᠢᠬᠠᠨ ᠤᠨᠳᠤᠷᠣᠭᠤᠯᠳᠠᠭ ᠪᠠᠶᠢᠵᠠᠢ᠃ | | | | | ᠮᠠᠯᠴᠢᠨ ᠨᠠᠷᠠᠨᠮᠠᠨᠳᠣᠯ᠎ᠠ᠄ ︽ᠨᠤᠲᠤᠭ ᠤᠨ ᠪᠤᠶᠠᠨ ᠢᠶᠠᠨ ᠳᠦᠰᠢᠵᠦ ᠮᠠᠯ ᠢᠶᠠᠨ ᠮᠠᠯᠵᠢᠳᠠᠭ ᠮᠠᠯᠴᠢᠨ ᠬᠦᠮᠦᠨ ᠤ | ᠰᠡᠳᠭᠢᠯ ᠳᠤ ᠨᠤᠲᠤᠭ ᠤᠰᠤ ᠨᠢ ᠠᠯᠲᠠ ᠠᠴᠠ ᠦᠨᠡᠲᠡᠢ ᠠᠮᠢᠨ ᠡᠷᠳᠡᠨᠢ ᠪᠠᠶᠢᠳᠠᠭ᠃ ᠨᠠᠷᠠᠨᠮᠠᠨᠳᠤᠯ᠎ᠠ ᠭᠤᠸᠠᠢ ᠴᠤ | ᠬᠦᠴᠦ ᠬᠦᠳᠡᠯᠮᠦᠷᠢ ᠤᠶᠤᠨ ᠤᠬᠠᠭᠠᠨ ᠢᠶᠠᠨ ᠵᠠᠷᠤᠴᠠᠭᠤᠯᠤᠨ ᠪᠠᠶᠢᠵᠤ᠂ ᠪᠡᠯᠴᠢᠭᠡᠷ ᠨᠤᠲᠤᠭ ᠢᠶᠠᠨ ᠬᠠᠮᠠᠭᠠᠯᠠᠨ | ᠥᠩ ᠰᠢᠮ᠎ᠡ ᠶᠢ ᠨᠢ ᠡᠳ᠋ᠯᠡᠨ᠂ ᠦᠷ᠎ᠡ ᠬᠤᠶᠢᠴᠢᠰ ᠳᠠᠭᠠᠨ ᠪᠦᠷᠢᠨ ᠪᠦᠲᠦᠨ ᠢᠶᠠᠷ ᠨᠢ ᠦᠯᠡᠳᠡᠭᠡᠬᠦ ᠶᠢ ᠵᠣᠷᠢᠵᠤ | ᠶᠠᠪᠤᠨ᠎ᠠ᠃ | | | | | |