ᠪᠠᠯᠭᠠᠷ ᠭᠤᠣᠯ
ᠨᠡᠶᠢᠲᠡᠯᠡᠭᠰᠡᠨ ᠴᠠᠭ᠄
2020/3/31
                    ᠪᠠᠯᠭᠠᠷ ᠭᠤᠣᠯ    ᠡᠷᠲᠡᠨ ᠤ ᠲᠣᠮᠤᠭ ᠶᠠᠷᠢᠶᠠᠨ ᠳᠤ ᠠᠷᠪᠠᠨ ᠭᠤᠣᠯ ᠨᠡᠶᠢᠯᠡᠵᠦ᠂ ᠨᠢᠭᠡ ᠪᠠᠯᠭᠠᠷ ᠪᠤᠯᠵᠦ᠂ ᠠᠷᠪᠠᠨ ᠪᠠᠯᠭᠠᠷ ᠨᠡᠶᠢᠯᠡᠪᠡᠯ ᠨᠢᠭᠡ ᠤᠯᠠᠭᠠᠢ ᠪᠤᠯᠵᠦ᠂ ᠠᠷᠪᠠᠨ ᠤᠯᠠᠭᠠᠢ ᠨᠡᠶᠢᠯᠡᠪᠡᠯ ᠨᠢᠭᠡ ᠮᠦᠷᠡᠨ ᠪᠤᠯᠤᠨ᠎ᠠ ᠭᠡᠳᠡᠭ᠃ ᠪᠠᠯᠭᠠᠷ ᠭᠤᠣᠯ ᠎ ᠨᠢ᠄ ᠡᠮᠳᠤ᠂ ᠰᠦᠮᠡᠳᠤ ᠵᠡᠷᠭᠡ ᠠᠭᠤᠯᠠ ᠨᠢᠷᠤᠭᠤᠳ ᠠᠴᠠ ᠡᠬᠢ ᠠᠪᠤᠭᠰᠠᠨ ᠱᠠᠷᠢᠯ ᠤᠨ ᠭᠤᠣᠯ᠂ ᠵᠡᠭᠦᠨ ᠰᠢᠪᠡᠷᠳᠡᠢ ᠶᠢᠨ ᠭᠤᠣᠯ᠂ ᠳ᠋ᠢᠶᠠᠨ ᠭᠤᠣᠯ᠂ ᠬᠠᠯᠢᠭᠤᠳᠤ ᠶᠢᠨ ᠭᠤᠣᠯ ᠪᠠ ᠨᠤᠭᠤᠭᠠᠨ ᠪᠤᠯᠠᠭ ᠵᠡᠷᠭᠡ ᠤᠯᠠᠨ ᠪᠤᠯᠠᠭ ᠎ ᠤᠳ ᠤᠷᠤᠰᠬᠠᠯ ᠪᠦᠷᠢᠯᠳᠦᠨ ᠳ᠋ᠢᠶᠠᠨ ᠰᠦᠮ᠎ᠡ ᠶᠢᠨ ᠬᠤᠶᠠᠷ ᠲᠠᠯ᠎ᠠ ᠪᠠᠷ ᠬᠤᠶᠠᠷ ᠪᠠᠭ᠎ᠠ ᠭᠤᠣᠯ ᠪᠤᠯᠤᠨ ᠬᠤᠶᠢᠰᠢ ᠤᠷᠤᠰᠴᠦ ᠡᠯᠡᠰᠤ ᠲᠤᠭᠤᠯᠤᠭᠠᠳ᠂ ᠭᠤᠷᠪᠠᠨ ᠭᠤᠤᠲᠦ ᠶᠢᠨ ᠵᠡᠭᠦᠨ ᠰᠤᠭᠤ ᠳᠠᠬᠢ ᠨᠦᠭᠡᠬᠡᠯᠳᠤ ᠶᠢᠨ ᠤᠯᠤᠮ ᠪᠠ ᠴᠢᠯᠠᠭᠤᠳᠤ ᠶᠢᠨ ᠤᠯᠤᠮ ᠳᠤ ᠨᠡᠶᠢᠯᠡᠭᠡᠳ ᠰᠠᠶ᠋ᠢ ᠪᠠᠯᠭᠠᠷ ᠭᠤᠣᠯ ᠭᠡᠵᠦ ᠨᠡᠷᠡᠶᠢᠳᠦᠭᠳᠡᠨ᠎ᠡ᠃ ᠡᠨᠡ ᠭᠠᠵᠠᠷ ᠠᠴᠠ ᠬᠤᠶᠢᠰᠢᠯᠠᠭᠰᠠᠭᠠᠷ ᠰᠢᠨᠠᠭ᠎ᠠ ᠶᠢᠨ ᠭᠤᠣᠯ᠂ ᠤᠷᠲᠦ ᠶᠢᠨ ᠭᠤᠣᠯ᠂ ᠠᠯᠳᠠᠨ ᠭᠤᠣᠯ᠂ ᠬᠤᠭᠤᠯᠠᠳᠤ ᠶᠢᠨ ᠭᠤᠣᠯ ᠤᠳ ᠢᠷᠡᠵᠦ ᠨᠡᠶᠢᠯᠡᠨ ᠦᠵᠦᠮᠦᠴᠢᠨ ᠨᠤᠲᠤᠭ ᠢᠶᠠᠨ ᠲᠤᠭᠤᠯᠤᠨ ᠤᠷᠤᠰᠴᠦ ᠤᠯᠠᠭᠠᠢ ᠶᠢᠨ ᠭᠤᠣᠯ ᠲᠠᠢ ᠪᠠᠨ ᠠᠭᠤᠯᠵᠠᠳᠠᠭ ᠶᠤᠮ᠃
 
ᠢᠷᠡᠯᠲᠡ᠄ ᠥᠩ ᠦᠷᠭᠡᠨ ᠦᠵᠦᠮᠦᠴᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号