ᠥᠭᠭᠢᠶᠡᠮᠦᠷ ᠰᠡᠳᠬᠢᠯ  ᠥᠭᠡᠳᠡᠷᠡᠭ ᠠᠮᠢᠳᠣᠷᠠᠯ
ᠨᠡᠶᠢᠲᠡᠯᠡᠭᠰᠡᠨ ᠴᠠᠭ᠄
2020/11/24
         ᠥᠭᠭᠢᠶᠡᠮᠦᠷ ᠰᠡᠳᠬᠢᠯ  ᠥᠭᠡᠳᠡᠷᠡᠭ ᠠᠮᠢᠳᠣᠷᠠᠯ      ᠬᠦᠳᠡᠭᠡ ᠨᠣᠳᠤᠭ ᠲᠤ ᠡᠪᠦᠯ ᠤᠨ  ᠥᠩᠭᠡ ᠡᠬᠢᠯᠡᠨ ᠰᠠᠭᠠᠳᠠᠵᠣ ᠪᠠᠶᠢᠭ᠎ᠠ ᠮᠦᠴᠡ ᠪᠠᠷ ᠡᠪᠦᠯᠵᠢᠶᠡᠨ ᠳᠤ ᠪᠠᠨ ᠪᠡᠯᠡᠳᠬᠡᠯ ᠠᠵᠢᠯ ᠢᠶᠠᠨ ᠲᠢᠭ ᠲᠠᠭ ᠪᠣᠯᠭᠠᠵᠣ ᠲᠠᠯᠪᠢᠭᠰᠠᠨ ᠮᠠᠯᠴᠢᠨ ᠵᠢᠪᠬᠤᠯᠠᠩᠳᠣ ᠶᠢᠨ ᠬᠢ  ᠂ ᠰᠠᠭᠤᠷᠢᠰᠢᠯ   ᠳᠤ ᠪᠠᠨ ᠬᠦᠮᠦᠨ ᠮᠠᠯ ᠠᠮᠣᠭᠤᠯᠠᠩ ᠲᠡᠪᠡᠳᠡᠢ᠃     ᠡᠳᠡᠨᠡᠶᠢᠬᠢ ᠪᠠᠶᠠᠨᠬᠤᠰᠢᠭᠤ ᠰᠣᠮᠣᠨ ᠤ ᠴᠠᠶᠢᠳᠠᠮ ᠭᠠᠴᠠᠭᠠᠨ ᠳᠤ ᠠᠵᠣ ᠲᠦᠷᠦᠳᠡᠭ ᠪᠠᠶᠢᠵᠣ᠂ ᠲᠦᠷᠦᠭᠦᠴᠢ ᠶᠢᠨ ᠵᠢᠯ  ᠤᠳ ᠢᠶᠠᠷ ᠪᠠᠯᠴᠢᠭᠡᠷ ᠣᠰᠣ ᠪᠠᠭ᠎ᠠ᠂ ᠵᠣᠨ ᠳᠠᠭᠠᠨ ᠭᠠᠩ ᠲᠠᠢ ᠪᠣᠯᠬᠤᠷ ᠠᠷᠪᠠᠭᠠᠳ ᠵᠢᠯ ᠨᠣᠳᠤᠭ  ᠲᠦᠷᠢᠶᠡᠰᠦᠯᠡᠨ  ᠡᠪᠦᠯ  ᠳᠡᠭᠡᠨ ᠢᠷᠡᠵᠦ ᠰᠠᠭᠤᠷᠢᠰᠢᠳᠠᠭ ᠪᠠᠶᠢᠵᠣ᠂  ᠬᠤᠪᠢᠳᠠᠭᠰᠠᠨ ᠵᠢᠭᠠᠬᠠᠨ ᠨᠣᠳᠤᠭ ᠢᠶᠠᠨ ᠰᠡᠷᠭᠦᠭᠡᠬᠦ ᠭᠡᠵᠦ ᠬᠦᠴᠦ ᠣᠬᠠᠭᠠᠨ  ᠢᠶᠠᠨ ᠰᠢᠪᠬᠠᠵᠣ  ᠂ ᠡᠳᠦᠭᠡ ᠪᠣᠯᠬᠤ ᠳᠤ ᠭᠤᠣᠯ ᠣᠰᠣ ᠲᠠᠭᠠᠭᠰᠠᠨ ᠮᠣᠳᠣ ᠪᠣᠷᠭᠠᠰᠣ ᠨᠢ ᠰᠡᠷᠭᠦᠨ ᠣᠷᠭᠤᠵᠣ᠂ ᠵᠣᠨ ᠨᠠᠮᠣᠷ ᠲᠠᠭᠠᠨ ᠬᠤᠷ᠎ᠠ ᠴᠢᠬᠢᠭ ᠬᠠᠳᠠᠭᠠᠯᠠᠵᠣ᠂ ᠡᠪᠦᠯ ᠬᠠᠪᠣᠷ ᠲᠠᠭᠠᠨ ᠨᠦᠮᠦᠷᠢ ᠨᠥᠭᠡᠯᠭᠡ  ᠪᠣᠯᠳᠠᠭ ᠰᠠᠶᠢᠬᠠᠨ ᠬᠠᠯᠬᠠᠪᠴᠢ ᠪᠣᠯᠵᠠᠢ᠃    ᠨᠣᠳᠤᠭ ᠣᠰᠣᠨ ᠤ ᠪᠠᠨ ᠪᠠᠶᠢᠳᠠᠯ ᠳᠤ ᠵᠣᠬᠢᠴᠠᠭᠤᠯᠣᠨ ᠮᠠᠯᠵᠢᠯᠭ᠎ᠠ ᠶᠢᠨ ᠠᠷᠭ᠎ᠠ ᠲᠣᠷᠰᠢᠯᠭ᠎ᠠ ᠬᠠᠶᠢᠵᠣ ᠶᠠᠪᠣᠭᠰᠠᠨ ᠵᠢᠪᠬᠤᠯᠠᠩᠳᠣ ᠪᠦᠰᠡᠭᠦᠢ ᠲᠠᠢ ᠪᠠᠨ ᠬᠤᠶᠠᠭᠤᠯᠠ᠂ ᠣᠶᠢᠷ᠎ᠠ ᠶᠢᠨ ᠬᠡᠳᠦᠨ ᠵᠢᠯ ᠬᠤᠨᠢ ᠪᠠᠨ ᠴᠦᠭᠡᠳᠬᠡᠨ᠂ ᠦᠭᠡᠷ ᠢᠶᠠᠨ ᠭᠤᠣᠯᠲᠠᠢ ᠥᠰᠭᠡᠵᠦ᠂ ᠨᠠᠮᠣᠷ ᠣᠷᠣᠶᠢᠬᠠᠨ ᠪᠣᠯᠳᠠᠯ᠎ᠠ ᠬᠠᠳᠣᠯᠠᠩ ᠤᠨ ᠪᠡᠯᠴᠢᠭᠡᠷ ᠲᠡᠭᠡᠨ ᠲᠠᠯᠪᠢᠨ᠂ ᠰᠠᠭᠤᠷᠢᠰᠢᠯ ᠤᠨ ᠪᠡᠯᠴᠢᠭᠡᠷ ᠢᠶᠠᠨ ᠡᠪᠦᠯ ᠬᠠᠪᠤᠷ ᠲᠠᠭᠠᠨ  ᠠᠰᠢᠭᠯᠠᠬᠤ ᠶᠢ ᠪᠣᠳᠣᠳᠠᠭ ᠪᠠᠶᠢᠵᠣ᠂  ︿ᠡᠮᠦᠨᠡᠬᠡᠨ ᠬᠡᠳᠦᠨ ᠡᠳᠦᠷ ᠦᠭᠡᠷ ᠢᠶᠠᠨ ᠡᠪᠦᠯᠵᠢᠶᠡᠨ ᠳᠡᠭᠡᠨ ᠠᠪᠴᠢᠷᠠᠭᠰᠠᠨ﹀ ᠭᠡᠵᠦ ᠪᠢᠳᠡᠨ ᠳᠤ ᠶᠠᠷᠢᠯ᠎ᠠ᠃    ᠠᠵᠣ ᠠᠮᠢᠳᠣᠷᠠᠯ ᠢᠶᠠᠨ ᠥᠭᠡᠳᠡ ᠨᠢ ᠳᠠᠳᠠᠬᠤ ᠨᠢ ᠠᠵᠢᠯᠴᠢ ᠬᠤᠶᠠᠷ ᠭᠠᠷ  ᠂ ᠳᠣᠰᠠᠴᠢ ᠰᠠᠶᠢᠬᠠᠨ ᠰᠡᠳᠬᠢᠯ ᠳᠡᠭᠡᠨ ᠲᠦᠰᠢᠳᠡᠭ ᠨᠢ ᠡᠨᠡ ᠠᠶᠢᠯ ᠤᠨ ᠠᠮᠢᠳᠣᠷᠠᠯ ᠣᠷᠣᠰᠢᠯ ᠤᠨ ᠬᠢᠨᠢ ᠪᠠᠰᠠ ᠨᠢᠭᠡᠨ ᠵᠢᠮ᠎ᠠ  ᠬᠡᠯᠳᠡᠢ᠃  ᠡᠨᠡ ᠠᠶᠢᠯ ᠠᠴᠠ ᠨᠢᠭᠡ ᠶᠡᠭᠡ ᠰᠣᠷᠭᠠᠭᠤᠯᠢ ᠶᠢᠨ᠂  ᠨᠢᠭᠡ ᠠᠵᠢᠯ ᠮᠡᠷᠭᠡᠵᠢᠯ ᠤᠨ ᠰᠣᠷᠭᠠᠭᠤᠯᠢ ᠶᠢᠨ ᠬᠤᠶᠠᠷ ᠰᠣᠷᠣᠭᠴᠢ ᠰᠣᠷᠭᠠᠭᠤᠯᠢ ᠳᠤ ᠶᠠᠪᠣᠳᠠᠭ᠃ ᠬᠤᠷᠸ᠎ᠠ ᠶᠢᠨ ᠵᠢᠮ᠎ᠠ ᠪᠠᠷ ᠠᠮᠢᠳᠣᠷᠠᠯ ᠢᠶᠠᠨ ᠣᠷᠬᠢᠭᠰᠡᠨ ᠲᠡᠭᠦᠦ ᠶᠢᠨ ᠢᠶᠠᠨ ᠭᠠᠭᠴᠠ ᠬᠦᠦ ᠶᠢ ᠬᠦᠦ ᠲᠠᠢ  ᠪᠠᠨ ᠢᠵᠢᠯᠭᠡᠨ ᠰᠠᠨᠠᠵᠣ ᠬᠠᠷᠠᠵᠣ ᠬᠠᠷᠠᠭᠠᠯᠵᠠᠵᠣ ᠮᠠᠯ ᠣᠨᠤᠭ᠎ᠠ ᠶᠢ ᠨᠢ ᠥᠰᠭᠡᠵᠦ ᠶᠠᠪᠣᠭ᠎ᠠ ᠪᠦᠭᠡᠳ ᠣᠯᠠᠨ ᠵᠢᠯ ᠡᠪᠡᠳᠴᠢᠨ ᠬᠠᠭᠤᠴᠢᠨ ᠳᠤ ᠲᠠᠷᠴᠢᠯᠠᠵᠣ ᠶᠠᠪᠣᠭᠰᠠᠨ ᠥᠬᠢᠨ ᠲᠡᠭᠦᠦ ᠪᠠᠨ ᠴᠣ᠋ ᠡᠮᠨᠡᠬᠦᠯᠦᠨ ᠵᠠᠰᠠᠭᠤᠯᠵᠣ ᠠᠵᠣ ᠠᠮᠢᠳᠣᠷᠠᠯ  ᠳᠤ ᠨᠢ ᠲᠣᠰᠠ ᠲᠡᠮ ᠪᠣᠯᠵᠣ ᠶᠠᠪᠣᠭ᠎ᠠ ᠠᠵᠠᠢ᠃       ᠥᠷᠦᠪᠴᠢ ᠰᠠᠶᠢᠬᠠᠨ ᠰᠡᠳᠬᠢᠯ᠂ ᠦᠭᠡᠳᠡᠷᠡᠭ ᠠᠮᠢᠳᠣᠷᠠᠯ ᠤᠨ ᠵᠢᠯᠣᠭᠤ ᠴᠣᠯᠪᠣᠭᠤᠷ ᠠᠴᠠ ᠠᠳᠬᠤᠵᠣ ᠶᠠᠪᠣᠭ᠎ᠠ ᠮᠠᠯᠴᠢᠨ ᠵᠢᠪᠬᠤᠯᠠᠩᠳᠦ ᠪᠦᠰᠡᠭᠦᠢ ᠲᠠᠢ ᠪᠠᠨ ᠬᠤᠶᠠᠭᠤᠯᠠ᠂ ᠰᠢᠷᠠᠩᠭ᠎ᠠ ᠶᠢᠨ ᠪᠣᠯᠠᠭ ᠤᠨ ᠣᠰᠣ ᠣᠮᠳᠠ ᠲᠠᠢ ᠦᠶᠦᠭ ᠳᠣᠯᠠᠭᠠᠨ ᠡᠪᠦᠯᠵᠢᠶᠡᠨ   ᠳᠡᠭᠡᠨ ᠡᠨᠡ ᠡᠪᠦᠯ ᠲᠠᠯᠠᠭᠠᠳ ᠦᠭᠡᠷ ᠡᠪᠦᠯᠵᠢᠬᠦᠯᠬᠦ ᠪᠠᠷ ᠪᠡᠯᠡᠳᠬᠡᠯ ᠬᠢᠵᠦ᠂  ᠫᠧᠩ ᠰᠠᠷᠠᠪᠴᠢ  ᠪᠠᠨ ᠴᠣ᠋ ᠥᠪᠡᠷᠰᠡᠳ ᠢᠶᠠᠨ ᠭᠠᠷ ᠬᠦᠳᠡᠯᠦᠨ ᠪᠠᠶᠢᠵᠣ  ᠡᠪᠯᠢᠭ ᠰᠠᠶᠢᠬᠠᠨ ᠥᠷᠭᠡᠳᠬᠡᠬᠡᠳ ᠠᠪᠣᠭᠰᠠᠨ ᠪᠠᠶᠢᠭᠰᠠᠨ ᠢ ᠰᠣᠷᠪᠣᠯᠵᠢᠯᠠᠭ᠎ᠠ ᠠᠴᠠ ᠣᠶᠢᠯᠠᠭᠠᠯ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号