ᠤᠨᠳᠠᠬᠤ ᠳᠠᠭᠠᠨ ᠭᠠᠷ ᠤᠳᠠᠰᠤ ᠪᠠᠨ ᠬᠡᠳᠦᠢ ᠬᠤᠯᠠ ᠪᠠᠶᠢᠯᠭᠠᠪᠠᠯ ᠲᠠᠭᠠᠷᠠᠨ᠎ᠠ ᠦᠦ︖ | | ᠭᠠᠷ ᠤᠳᠠᠰᠤᠨ ᠠᠴᠠ ᠲᠦᠭᠡ ᠰᠠᠯᠵᠤ ᠴᠢᠳᠠᠬᠤ ᠦᠭᠡᠢ ᠬᠦᠮᠦᠨ ᠤᠯᠠᠮ ᠨᠡᠮᠡᠭᠳᠡᠬᠦ ᠶᠢ ᠳᠠᠭᠠᠯᠳᠤᠨ᠂ ᠭᠠᠷ | ᠤᠳᠠᠰᠤᠨ ᠤ ᠰᠠᠴᠤᠷᠠᠭ ᠤᠨ ᠲᠤᠬᠠᠢ ︽ᠴᠤᠤᠷᠬᠠᠯ︾ ᠴᠤ ᠭᠠᠵᠠᠷ ᠠᠪᠤᠨ ᠲᠠᠮᠵᠢᠭᠳᠠᠭᠰᠠᠭᠠᠷ᠃ ᠲᠡᠭᠡᠪᠠᠯ ᠭᠠᠷ | ᠤᠳᠠᠰᠤᠨ ᠤ ᠰᠠᠴᠤᠷᠠᠭ ᠨᠡᠭᠡᠷᠡᠨ ᠲᠡᠶᠢᠮᠦ ᠬᠤᠣᠷᠲᠠᠢ ᠦᠦ︖ ᠪᠢᠳᠠ ᠬᠠᠮᠢᠶᠠᠲᠠᠢ ᠰᠢᠨᠵᠢᠯᠡᠭᠡ ᠠᠴᠠ ᠣᠶᠢᠯᠠᠭᠠᠶ᠎ᠠ᠃ | ᠭᠠᠷ ᠤᠳᠠᠰᠤᠨ ᠤ ᠰᠠᠴᠤᠷᠠᠭ ᠦᠮᠡᠨ ᠡᠭᠦᠰᠭᠡᠳᠡᠭ ᠤᠤ︖ ᠡᠭᠦᠨ ᠢ ᠰᠢᠭᠤᠳ ᠭᠡᠷᠡᠴᠢᠯᠡᠬᠦ ᠪᠣᠳᠠᠲᠠᠢ ᠭᠡᠷᠡᠴᠢ | ᠪᠠᠷᠢᠮᠳᠠ ᠣᠳᠣ ᠪᠤᠯᠳᠠᠯ᠎ᠠ ᠠᠯᠠᠭ᠎ᠠ ᠪᠤᠯᠬᠤᠷ ᠰᠢᠨᠵᠢᠯᠡᠭᠡ ᠰᠤᠳᠤᠯᠭᠠᠨ ᠤ ᠡᠳᠡᠭᠡᠳ ᠡᠨᠡ ᠲᠤᠬᠠᠢ ᠮᠠᠷᠭᠤᠯᠳᠤᠭᠰᠠᠭᠠᠷ | ᠶᠤᠮ᠃ ᠭᠠᠷ ᠤᠳᠠᠰᠤ ᠪᠠᠨ ᠴᠡᠨᠡᠭᠯᠡᠬᠦ ᠶᠢᠨ ᠲᠠᠭᠠᠦ ᠬᠡᠷᠡᠭᠯᠡᠪᠡᠯ ᠰᠠᠴᠤᠷᠠᠭ ᠤᠨ ᠬᠡᠮᠵᠢᠶ᠎ᠡ ᠨᠢ ᠤᠯᠠᠮ ᠶᠡᠭᠡ ᠦᠦ︖ | ᠴᠠᠭᠢᠯᠭᠠᠨ ᠤ ᠬᠡᠮᠵᠢᠶ᠎ᠡ ᠪᠤᠯᠤᠨ ᠭᠠᠷ ᠤᠳᠠᠰᠤᠨ ᠤ ᠰᠠᠴᠤᠷᠠᠭ ᠨᠢ ᠰᠢᠭᠤᠳ ᠬᠠᠷᠢᠴᠠᠭ᠎ᠠ ᠦᠭᠡᠢ ᠪᠤᠯᠬᠤᠷ ︽ᠭᠠᠷ | ᠤᠳᠠᠰᠤ ᠪᠠᠨ ᠴᠡᠨᠡᠭᠯᠡᠬᠦ ᠶᠢᠨ ᠲᠠᠭᠠᠦ ᠬᠡᠷᠡᠭᠯᠡᠬᠦ ᠨᠢ ᠮᠠᠰᠢ ᠮᠠᠭᠤ︾ ᠭᠡᠰᠡᠨ ᠬᠡᠯᠡᠯᠭᠡ ᠨᠤᠳᠠᠳᠠᠢ ᠪᠠᠷᠢᠮᠳᠠ ᠦᠭᠡᠢ ᠶᠤᠮ | ᠃ ᠭᠡᠳᠡᠯ᠎ᠡ ᠵᠠᠷᠢᠮ ᠭᠠᠷ ᠤᠳᠠᠰᠤᠨ ᠤ ᠴᠠᠬᠢᠯᠭᠠᠨ ᠵᠠᠢ ᠨᠢ ᠴᠡᠨᠡᠭᠯᠡᠬᠦ ᠳᠤ ᠬᠠᠯᠠᠬᠤ ᠶᠢᠨ ᠤᠯᠠᠮ ᠠᠴᠠ ᠠᠮᠤᠷ | ᠲᠦᠪᠰᠢᠨ ᠤ ᠠᠰᠠᠭᠤᠳᠠᠯ ᠡᠭᠦᠰᠭᠡᠵᠤ ᠮᠡᠳᠡᠨ᠎ᠡ᠃ ᠡᠶᠢᠮᠦ ᠠᠴᠠ ᠴᠠᠭᠢᠯᠭᠠᠨ ᠴᠡᠨᠡᠭᠯᠡᠵᠦ ᠪᠠᠶᠢᠬᠤ ᠳᠠᠭᠠᠨ ᠬᠠᠰᠢᠯᠡ | ᠭᠠᠷ ᠤᠳᠠᠰᠤ ᠪᠠᠨ ᠭᠡᠷᠡᠭᠯᠡᠭᠦ ᠦᠭᠡᠢ ᠪᠤᠯ ᠰᠠᠶᠢᠨ᠃ ᠭᠠᠷ ᠤᠳᠠᠰᠤᠨ ᠤ ᠳᠤᠬᠢᠶ᠎ᠠ ᠮᠠᠭᠤᠳᠠᠬᠤ ᠲᠤᠳᠤᠮ | ᠰᠠᠴᠤᠷᠠᠭ ᠤᠨ ᠬᠤᠤᠷᠳᠠᠯ ᠲᠡᠳᠦᠢ ᠶᠡᠭᠡ ᠤᠤ︖ ᠲᠤᠰ ᠬᠡᠯᠡᠯᠭᠡ ᠵᠤᠭᠢᠬᠤ ᠭᠡᠮᠵᠢᠶᠡᠨ ᠤ ᠪᠠᠷᠢᠮᠳᠠ ᠲᠠᠢ᠃ ᠭᠠᠷ | ᠤᠳᠠᠰᠤ ᠰᠠᠭᠤᠷᠢ ᠦᠷᠲᠡᠭᠡ ᠶᠢᠨ ᠲᠤᠬᠢᠶ᠎ᠡ ᠶᠢ ᠬᠦᠯᠢᠶᠡᠵᠦ ᠠᠪᠳᠠᠭ ᠪᠣᠯᠬᠤᠷ ᠳᠤᠭᠢᠶᠠᠨ ᠲᠠᠪᠳᠠᠮᠵᠢ ᠪᠠᠨ | ᠨᠡᠮᠡᠭᠳᠡᠭᠦᠯᠭᠦ ᠶᠢᠨ ᠤᠯᠠᠮ ᠠᠴᠠ ᠰᠠᠴᠤᠷᠠᠭ ᠨᠢ ᠨᠡᠮᠡᠭᠳᠡᠳᠡᠭ ᠶᠤᠮ᠃ ᠭᠠᠷ ᠤᠳᠠᠰᠤ ᠪᠠᠨ ᠭᠡᠳᠦᠢ ᠬᠤᠯᠠ ᠪᠠᠶᠢᠯᠭᠠᠪᠠᠯ | ᠡᠷᠡᠭᠦᠯ ᠮᠡᠨᠳᠦ ᠳᠤ ᠠᠰᠢᠭᠳᠠᠢ ᠪᠤᠢ︖ ᠭᠠᠷ ᠤᠲᠠᠰᠤ ᠪᠠᠨ ᠪᠡᠶ᠎ᠡ ᠠᠴᠠ ᠬᠡᠳᠦᠢ ᠣᠶᠢᠷᠠᠬᠠᠨ ᠲᠠᠯᠪᠢᠪᠠᠯ | ᠰᠠᠴᠤᠷᠠᠭ ᠨᠢ ᠬᠡᠳᠦᠢ ᠶᠡᠭᠡ ᠪᠠᠶᠢᠳᠠᠭ᠃ ᠬᠠᠮᠢᠶᠠᠲᠠᠢ ᠰᠤᠳᠤᠯᠭᠠᠨ ᠢ ᠦᠨᠳᠦᠰᠦᠯᠡᠪᠠᠯ᠂ 50 ᠰᠠᠨᠲ᠋ᠢᠮᠧᠳ᠋ᠷ ᠤᠨ | ᠵᠠᠢ ᠳᠤ ᠭᠠᠷ ᠤᠳᠠᠰᠤᠨ ᠤ ᠰᠠᠴᠤᠷᠠᠭ ᠲᠡᠮᠡᠢ ᠨᠦᠯᠦᠭᠡᠯᠡᠬᠦ ᠭᠦᠴᠦᠨ ᠦᠭᠡᠢ ᠪᠣᠯᠴᠢᠬᠠᠳᠠᠭ᠃ ᠭᠡᠪᠡᠴᠦ ᠭᠠᠷ | ᠤᠲᠠᠰᠤ ᠪᠠᠨ ᠢᠯᠡᠭᠦᠦ ᠬᠠᠷᠠᠬᠤ ᠨᠢ ᠨᠢᠳᠦᠨ ᠳᠤ ᠬᠠᠯᠠᠲᠠᠢ ᠪᠠᠷ ᠪᠠᠷᠠᠬᠤ ᠦᠭᠡᠢ ᠬᠦᠵᠦᠭᠦᠦ ᠰᠡᠭᠡᠷ᠂ ᠲᠠᠯᠦ ᠮᠦᠷᠦ᠂ | ᠨᠢᠷᠤᠭᠤ ᠰᠡᠭᠦᠵᠢ ᠶᠢ ᠴᠤ ᠭᠡᠮᠳᠦᠭᠡᠵᠤ ᠮᠡᠳᠡᠬᠦ ᠤᠴᠢᠷ ᠠᠴᠠ ᠭᠠᠷ ᠤᠲᠠᠰᠤ ᠪᠠᠨ ᠪᠠᠭ᠎ᠠ ᠰᠢᠭ᠋ ᠬᠠᠷᠠᠭᠠᠷᠠᠢ︕ | |