ᠡᠮᠡᠭᠳᠠᠶᠢᠴᠤᠳ ᠤᠨ ᠤᠳᠬ᠎ᠠ ᠠᠭᠤᠯᠭ᠎ᠠ ᠲᠠᠢ ᠤᠷᠤᠯᠳᠤᠭᠠᠨ ᠮᠦᠷᠦᠶᠢᠴᠡᠭᠡᠨ
ᠨᠡᠶᠢᠲᠡᠯᠡᠭᠰᠡᠨ ᠴᠠᠭ᠄
2020/10/15
         ᠡᠮᠡᠭᠳᠠᠶᠢᠴᠤᠳ ᠤᠨ ᠤᠳᠬ᠎ᠠ ᠠᠭᠤᠯᠭ᠎ᠠ ᠲᠠᠢ ᠤᠷᠤᠯᠳᠤᠭᠠᠨ ᠮᠦᠷᠦᠶᠢᠴᠡᠭᠡᠨ                            10 ᠰᠠᠷ᠎ᠠ ᠶᠢᠨ 12 ᠤ  ᠡᠳᠦᠷ᠂  ᠵᠢᠷ  ᠤᠨ ᠭᠤᠣᠯ ᠪᠠᠯᠭᠠᠰᠣᠨ ᠤ ᠠᠯᠳᠠᠳᠦ  ᠭᠠᠴᠠᠭᠠᠨ ᠤ ᠡᠮᠡᠭᠳᠠᠶᠢᠴᠣᠳ ᠤᠨ ᠬᠤᠯᠪᠣᠭᠠᠲᠦ ᠬᠤᠷᠠᠯ ᠠᠴᠠ ᠣᠯᠠᠮᠵᠢᠯᠠᠯᠲᠦ ᠬᠠᠭᠤᠴᠢᠳ ᠴᠠᠭᠠᠨ ᠢᠳᠡᠭᠡᠨ ᠤ ᠠᠳᠠᠯᠢᠳᠬᠠᠨ ᠰᠢᠯᠭᠠᠷᠠᠭᠤᠯᠬᠤ ᠣᠷᠣᠯᠳᠣᠭᠠᠨ ᠵᠢᠴᠢ ᠭᠠᠷ ᠣᠷᠠᠯᠠᠯ ᠤᠨ ᠣᠷᠣᠯᠳᠣᠭᠠᠨ ᠡᠷᠬᠢᠯᠠᠨ ᠶᠠᠪᠣᠭᠳᠠᠭᠤᠯᠪᠠ᠃
        ᠣᠷᠣᠯᠳᠣᠭᠠᠨ ᠠᠴᠠ ᠡᠮᠦᠨ᠎ᠡ᠂ ᠬᠤᠰᠢᠭᠤ ᠡᠮᠡᠭᠳᠠᠶᠢᠴᠣᠳ ᠤᠨ ᠬᠤᠯᠪᠣᠭᠠᠲᠦ ᠬᠤᠷᠠᠯ ᠤᠨ ᠬᠠᠷᠢᠭᠤᠴᠠᠯᠭᠠᠳᠠᠨ  ᠠᠴᠠ ︽ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠡᠮᠡᠭᠳᠠᠶᠢᠴᠣᠳ ᠤᠨ ᠠᠷᠪᠠᠨ ᠬᠤᠶᠠᠳᠣᠭᠠᠷ ᠶᠡᠭᠡ ᠬᠤᠷᠠᠯ ᠤᠨ ᠵᠣᠷᠢᠭ ᠰᠠᠨᠠᠭ᠎ᠠ︾ ᠶᠢ ᠣᠯᠠᠮᠵᠢᠯᠠᠨ᠂ ᠬᠠᠮᠳᠣᠪᠡᠷ ᠬᠤᠷᠠᠯ ᠤᠨ ᠬᠠᠮᠢᠶ᠎ᠠ ᠪᠦᠬᠦᠢ ᠠᠭᠤᠯᠭ᠎ᠠ ᠶᠢ ᠰᠣᠷᠣᠯᠴᠠᠬᠤ ᠶᠢᠨ ᠬᠠᠮᠲᠦ ᠬᠤᠪᠢ ᠪᠡᠶ᠎ᠡ ᠠᠴᠠ ᠪᠠᠨ ᠲᠦᠷᠦᠭᠦᠯᠡᠨ᠂ ᠭᠡᠷ ᠪᠥᠯᠢ ᠪᠠᠨ ᠲᠠᠶᠢᠴᠢᠯᠠᠵᠦ᠂ ᠢᠳᠡᠭᠡᠨ ᠣᠮᠳᠠᠭᠠᠨ ᠢ ᠪᠥᠷᠢᠯᠭᠡᠨ ᠰᠦᠢᠳᠭᠡᠬᠦ ᠶᠢ ᠲᠡᠪᠴᠢᠵᠦ᠂ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠶᠢ ᠡᠷᠬᠢᠮᠯᠡᠬᠦ  ᠰᠣᠷᠣᠯᠴᠠᠯᠭ᠎ᠠ ᠬᠢᠭᠰᠡᠨ ᠪᠠᠶᠢᠨ᠎ᠠ᠃
      ᠤᠷᠤᠯᠳᠤᠭᠠᠨ ᠤ ᠠᠬᠤᠢ ᠳᠠᠯᠠᠪᠠᠢ ᠳᠤ  ᠴᠠᠭᠠᠨ ᠢᠳᠡᠭᠡ  ᠂ ᠠᠶᠢᠷᠠᠭ ᠲᠠᠷᠠᠭ ᠤᠨ ᠠᠩᠬᠢᠯᠤᠮ᠎ᠠ ᠦᠨᠦᠷ ᠦᠷᠬᠦᠬᠡ ᠲᠦᠬᠦᠷᠠᠩ ᠪᠢᠯᠬᠠᠵᠦ᠂ ᠤᠳᠤᠮ ᠲᠠᠮᠵᠢᠬᠰᠠᠨ ᠮᠠᠯᠵᠢᠬᠤ ᠤᠬᠠᠭᠠᠨ ᠢᠶᠠᠨ ᠲᠦᠰᠢᠭᠰᠡᠨ ᠰᠠᠭᠠᠯᠢᠴᠢᠨ ᠪᠦᠰᠡᠬᠦ᠋ᠢᠴᠤᠳ ᠴᠠᠭᠠᠨ ᠢᠳᠡᠭᠡ ᠪᠠᠨ ᠲᠡᠯᠭᠡᠵᠦ ᠣᠯᠠᠨ ᠳᠤ   ᠭᠠᠶᠢᠬᠠᠭᠤᠯᠣᠯ᠎ᠠ᠃ ᠣᠷᠣᠯᠳᠣᠭᠠᠨ ᠳᠤ᠂ ᠨᠡᠶᠢᠳᠡ12 ᠪᠦᠰᠡᠭᠦᠶᠢᠴᠣᠳ ᠣᠷᠣᠯᠴᠠᠵᠦ᠂ ᠠᠳᠠᠯᠢᠳᠬᠠᠨ ᠰᠢᠯᠭᠠᠷᠠᠭᠤᠯᠣᠯᠳᠠ ᠪᠠᠷ ᠲᠠᠮᠵᠢᠨ ᠬᠡᠷᠡᠯᠰᠣᠪᠣᠳ᠂ ᠵᠢᠩᠬᠤᠸᠠᠷ᠂ ᠮᠡᠷᠭᠡᠨᠴᠡᠴᠡᠭ ᠨᠠᠷ ᠲᠣᠰ ᠲᠣᠰ ᠨᠢᠭᠡ᠂ ᠬᠤᠶᠠᠷ᠂  ᠭᠤᠷᠪᠠᠳᠣᠭᠠᠷ ᠨᠡᠷ᠎ᠡ ᠳᠤ ᠲᠣᠳᠣᠷᠠᠵᠦ᠂ᠣᠯᠠᠮᠵᠢᠯᠠᠯᠲᠦ ᠬᠠᠭᠤᠴᠢᠳ ᠴᠠᠭᠠᠨ  ᠢᠳᠡᠭᠡᠨ ᠤ ᠥᠪ ᠰᠣᠶᠣᠯ ᠢᠶᠠᠨ ᠤᠯᠠᠨ ᠲᠦᠮᠡᠨ ᠳᠡᠭᠡᠨ ᠬᠠᠷᠠᠭᠤᠯᠣᠯ᠎ᠠ᠃
   ᠭᠠᠷ ᠣᠷᠠᠯᠠᠯ ᠤᠨ ᠣᠷᠣᠯᠳᠣᠭᠠᠨ ᠳᠤ᠂ ᠮᠥᠨ ᠴᠦ ᠠᠯᠳᠠᠳᠦ ᠭᠠᠴᠠᠭᠠᠨ ᠤ12 ᠬᠦᠮᠦᠨ  ᠤᠷᠤᠯᠴᠠᠵᠤ᠂ ᠨᠠᠶᠠ ᠭᠠᠷᠣᠭᠰᠠᠨ ᠨᠠᠰᠣᠳᠠᠢ ᠡᠵᠢ ᠴᠦ ᠢᠰᠡᠭᠡᠢ ᠣᠷᠠᠯᠠᠯ   ᠤᠨ ᠪᠦᠳᠦᠭᠡᠯ ᠢᠶᠠᠷ ᠢᠶᠠᠨ ᠣᠷᠣᠯᠴᠠᠵᠦ᠂ ᠣᠷᠣᠯᠳᠣᠭᠠᠨ  ᠤ ᠡᠴᠦᠰ ᠲᠤ᠂ ᠣᠶᠥᠨᠬᠡᠷᠡᠯ ᠤᠨ  ︽ᠲᠠᠪᠣᠨ ᠬᠤᠰᠢᠭᠤ ᠮᠠᠯ᠂ ᠠᠷᠭᠠᠯ ᠲᠡᠭᠦᠭᠰᠡᠨ ᠡᠵᠢ᠂ ᠮᠣᠩᠭᠤᠯ ᠭᠡᠷ᠂ ᠲᠣᠭᠤᠢ ᠰᠢᠷᠳᠡᠭ︾ ᠵᠡᠷᠭᠡ ᠨᠢ  ᠢᠰᠡᠭᠡᠢ ᠣᠷᠠᠯᠠᠯ ᠤᠨ ᠪᠦᠳᠦᠭᠡᠯ ᠨᠢ ᠲᠡᠷᠢᠭᠦᠨ ᠨᠡᠷ᠎ᠡ ᠳᠤ ᠲᠣᠳᠣᠷᠠᠵᠦ᠂ ᠲᠣᠶᠠᠭ᠎ᠠ᠂ ᠣᠷᠣᠯᠮ᠎ᠠ ᠨᠠᠷ ᠤᠨ ᠪᠦᠳᠦᠭᠡᠯ ᠲᠣᠰ ᠲᠣᠰ ᠬᠤᠶᠠᠷ᠂ ᠭᠠᠷᠪᠠᠳᠣᠭᠠᠷ ᠨᠡᠷ᠎ᠡ ᠲᠡᠰ ᠤᠨ ᠱᠠᠩᠨᠠᠯ ᠬᠦᠷᠳᠡᠭᠰᠡᠨ ᠪᠠᠶᠢᠨ᠎ᠠ᠃      ᠣᠷᠣᠯᠳᠣᠭᠠᠨ ᠤ ᠲᠣᠮᠳᠠ  ᠲᠤᠰ ᠭᠠᠴᠠᠭᠠᠨ ᠤ  ︽ᠠᠷᠢᠭᠤᠨ ᠴᠡᠪᠡᠷᠴᠢ ᠠᠶᠢᠯ︾ ︽ᠬᠠᠮᠤᠭ ᠭᠤᠶᠣ ᠭᠡᠷ ᠪᠦᠯᠢ︾ ︽3.8 ᠶᠢᠨ ᠣᠯᠠᠭᠠᠨ ᠲᠣᠭᠴᠢ︾ ︽ᠲᠠᠪᠣᠨ ᠰᠠᠶᠢᠨᠳᠠᠢ ᠭᠡᠷ ᠪᠦᠯᠢ︾ ︽ ᠰᠠᠶᠢᠨ ᠪᠡᠷᠢ︾   ᠶᠢ  ᠱᠠᠩᠨᠠᠨ ᠬᠦᠬᠢᠭᠦᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号