ᠭᠤᠷᠤᠬᠠᠨ ᠬᠠᠨ ᠠᠭᠤᠯᠠ
ᠨᠡᠶᠢᠲᠡᠯᠡᠭᠰᠡᠨ ᠴᠠᠭ᠄
2019/6/26
             ᠭᠤᠷᠤᠬᠠᠨ ᠬᠠᠨ ᠠᠭᠤᠯᠠ    ᠪᠠᠷᠠᠭᠤᠨ ᠦᠵᠦᠮᠦᠴᠢᠨ ᠬᠤᠰᠢᠭᠤᠨ ᠤ ᠳᠠᠬᠢᠵᠦ ᠰᠢᠳᠦᠳᠡᠭ ᠨᠤᠶᠠᠨ ᠤᠷᠬᠢᠯ ᠤᠨ ᠨᠢᠭᠡ᠂ ᠭᠤᠷᠤᠬᠠᠨ ᠬᠠᠨ ᠠᠭᠤᠯᠠ ᠪᠣᠯ ᠲᠡᠤᠬᠡ ᠶᠢᠨ ᠠᠯᠳᠠᠷᠳᠤ ᠬᠠᠶᠢᠷᠬᠠᠨ ᠶᠤᠮ᠃ ᠠᠳᠡ ᠠᠯᠢ ᠡᠷᠲᠡ ᠠᠷᠪᠠᠨ ᠬᠤᠶᠠᠳᠤᠭᠠᠷ ᠵᠠᠭᠤᠨ ᠤ ᠰᠡᠭᠦᠯᠴᠢ᠂ ᠠᠷᠪᠠᠨ ᠭᠤᠷᠪᠠᠳᠤᠭᠠᠷ ᠵᠠᠭᠤᠨ ᠤ ᠡᠬᠢ ᠪᠠᠷ ᠴᠢᠩᠭᠢᠰ ᠬᠠᠭᠠᠨ ᠮᠣᠩᠭᠤᠯ ᠤᠨ ᠲᠠᠷᠠᠬᠠᠢ ᠪᠤᠳᠠᠷᠬᠠᠢ ᠠᠶᠢᠮᠠᠭ ᠪᠦᠯᠦᠭ ᠢ ᠨᠢᠭᠡᠳᠬᠡᠵᠦ᠂ ᠶᠡᠭᠡ ᠮᠣᠩᠭᠤᠯ ᠤᠯᠤᠰ ᠢ ᠪᠠᠶᠢᠭᠤᠯᠬᠤ ᠳᠠᠭᠠᠨ ᠳᠠᠶᠢᠨ ᠤ ᠭᠠᠯ ᠳᠦᠷᠡᠯᠵᠢᠬᠦᠯᠵᠦ᠂ ᠳᠠᠶᠢᠰᠦᠨ ᠤ ᠰᠦᠷ ᠢ ᠳᠠᠷᠤᠭᠠᠳ ᠳᠠᠶᠢᠴᠢᠨ ᠢᠯᠠᠯᠳᠠ ᠴᠤᠤᠷᠢᠶᠠᠳᠤᠭᠤᠯᠤᠨ᠂ ᠠᠯᠳᠠᠨ ᠬᠦᠷᠦᠰᠦᠨ ᠳᠤᠨᠢ ᠮᠥᠷ ᠢᠶᠠᠨ ᠪᠠᠷᠯᠠᠵᠦ᠂ ᠠᠷᠢᠭᠤᠨ ᠬᠠᠭᠤᠳᠠᠰᠤᠨ ᠳᠤᠨᠢ ᠦᠢᠯᠡᠰ ᠢᠶᠠᠨ ᠪᠢᠴᠢᠭᠯᠡᠵᠦ ᠶᠠᠪᠤᠵᠠᠢ᠃    ︽ᠮᠣᠩᠭᠤᠯ ᠤᠨ ᠨᠢᠭᠤᠴᠠ ᠳᠤᠪᠴᠢᠶᠠᠨ︾᠂ ︽ᠪᠤᠭᠲᠠ ᠪᠠᠭᠠᠳᠤᠷ ᠤᠨ ᠪᠡᠶ᠎ᠡ ᠪᠠᠷ ᠳᠠᠶᠢᠯᠠᠭᠰᠠᠨ ᠳᠡᠮᠳᠡᠭᠯᠡᠯ︾ ᠵᠡᠷᠭᠡ ᠮᠣᠩᠭᠤᠯ ᠲᠡᠤᠬᠡ ᠶᠢᠨ ᠪᠠᠷᠢᠮᠳᠠᠳᠤ ᠳᠤᠯᠭᠤᠷ ᠪᠢᠴᠢᠭ ᠲᠤ ᠲᠣᠪ ᠳᠤᠳᠤᠷᠬᠠᠢ ᠳᠡᠮᠳᠡᠭᠯᠡᠭᠰᠡᠨ ᠢ ᠦᠨᠳᠦᠰᠦᠯᠡᠪᠡᠯ᠂ 1201 ᠣᠨ ᠳᠤ ᠶᠠᠪᠤᠭᠳᠠᠭᠰᠠᠨ ︽ᠬᠦᠢᠳᠡᠨ ᠤ ᠳᠠᠶᠢᠯᠠᠯᠳᠤᠭᠠᠨ︾᠂ 1202 ᠣᠨ ᠳᠤ ᠶᠠᠪᠤᠭᠳᠠᠭᠰᠠᠨ ︽ᠳᠠᠯᠠᠨ ᠨᠠᠮᠦᠷᠬᠢᠰ ᠤᠨ ᠳᠤᠯᠤᠯᠳᠤᠭᠠᠨ︾᠎ ᠤ ᠳᠠᠷᠠᠭᠠᠬᠢ ︽ᠮᠠᠭᠤ ᠦᠨᠳᠦᠷ ᠠᠭᠤᠯᠠ ᠶᠢᠨ ᠳᠤᠯᠤᠯᠳᠤᠭᠠᠨ︾ ᠪᠣᠯ ᠶᠠᠭ ᠰᠠᠶᠢᠬᠠᠨ 1203 ᠣᠨ ᠳᠤ ᠪᠠᠷᠠᠭᠤᠨ ᠦᠵᠦᠮᠦᠴᠢᠨ ᠬᠤᠰᠢᠭᠤᠨ ᠤ ᠦᠵᠡᠮᠵᠢ ᠪᠠᠷ ᠰᠦᠷᠯᠢᠭ᠂ ᠪᠠᠷᠲᠠᠭ᠎ᠠ ᠪᠡᠷᠬᠡ ᠲᠠᠢ ᠭᠤᠷᠤᠬᠠᠨ ᠬᠠᠨ ᠠᠭᠤᠯᠠᠨ ᠳᠤ ᠶᠠᠪᠤᠭᠳᠠᠵᠠᠢ᠃     ᠵᠢᠯ ᠪᠦᠷᠢ ᠡᠬᠡ ᠲᠡᠯᠡᠬᠡᠢ ᠬᠤᠷ᠎ᠠ ᠤᠮᠳᠠᠯᠠᠵᠦ ᠬᠤᠸᠠᠷ ᠴᠡᠴᠡᠭ ᠮᠢᠷᠠᠯᠵᠠᠭᠤᠯᠤᠨ ᠨᠤᠮᠢᠨ ᠨᠤᠭᠤᠭᠠᠨ ᠢᠶᠠᠷ ᠴᠢᠮᠡᠭᠯᠡᠭᠰᠡᠨ ᠵᠤᠨ ᠤ ᠳᠤᠮᠳᠠ ᠰᠠᠷ᠎ᠠ ᠶᠢᠨ ᠬᠤᠷᠢᠨ ᠨᠢᠭᠡᠨ ᠤ ᠡᠳᠦᠷ ᠪᠣᠯ ︽ᠰᠠᠶᠢᠨ ᠦᠨᠳᠦᠷ ᠠᠭᠤᠯᠠ︾᠎ ᠶᠢᠨ ᠲᠠᠬᠢᠯᠭ᠎ᠠ ᠶᠢᠨ ᠡᠳᠦᠷ ᠶᠤᠮ᠃ ᠠᠳᠡᠬᠢ ᠮᠣᠩᠭᠤᠯᠴᠤᠳ ᠠᠪᠤᠷᠭᠤ ᠵᠠᠭᠠᠨ ᠤ ᠬᠡᠯᠪᠡᠷᠢ ᠲᠠᠢ᠂ ᠳᠠᠯᠠᠢ ᠶᠢᠨ ᠳᠦᠪᠰᠢᠨ ᠠᠴᠠ 1400 ᠰᠢᠬᠠᠮ ᠮᠧᠲᠷ ᠦᠨᠳᠦᠷ ᠡᠨᠡ ᠠᠰᠬ᠎ᠠ ᠤᠷᠬᠢᠯ ᠢ ᠲᠠᠬᠢᠵᠦ ᠰᠢᠳᠦᠬᠦ ᠳᠡᠭᠡᠨ ᠤᠶᠤᠨ ᠤᠬᠠᠭᠠᠨ ᠤ ᠣᠬᠢ᠂ ᠤᠷᠠᠨ ᠭᠠᠷ ᠤᠨ ᠡᠷᠳᠡᠮ᠂ ᠦᠨᠡᠳᠥ ᠬᠦᠳᠡᠯᠮᠦᠷᠢ ᠶᠢᠨ ᠬᠦᠴᠦ ᠪᠠᠨ ᠬᠠᠷᠠᠮ ᠦᠭᠡᠢ ᠵᠣᠷᠢᠭᠤᠯᠵᠦ᠂ ᠮᠦᠩᠭᠦᠨ ᠡᠭᠦᠯᠡᠨ ᠳᠤ ᠰᠢᠷᠭᠤᠭᠰᠠᠨ ᠱᠤᠪᠬᠤ ᠤᠷᠤᠢ ᠳᠤᠨᠢ ᠴᠢᠯᠠᠭᠤ ᠵᠦᠭᠡᠭᠡᠪᠤᠷᠢᠯᠡᠨ ᠣᠪᠣᠭ᠎ᠠ ᠪᠤᠰᠬᠠᠵᠦ᠂ ᠲᠡᠭᠦᠨ ᠤ ᠭᠠᠳᠠᠭᠤᠷ ᠴᠠᠪᠴᠢᠮᠠᠯ ᠴᠢᠯᠠᠭᠤᠨ ᠬᠡᠷᠡᠮ ᠴᠤᠭᠴᠠᠯᠠᠵᠣ᠂ ᠡᠷᠭᠦᠯ ᠲᠠᠬᠢᠯᠭ᠎ᠠ ᠶᠢᠨ ᠳᠠᠪᠴᠠᠩ᠂ ᠰᠠᠩ ᠰᠤᠯᠤᠬ᠎ᠠ ᠶᠢᠨ ᠱᠠᠩᠯᠤ ᠶᠢᠨ ᠤᠷᠠᠨ ᠰᠡᠶᠢᠯᠦᠮᠡᠯ ᠢᠶᠠᠷ ᠴᠢᠮᠡᠭᠯᠡᠭᠡᠳ᠂ ᠪᠣᠷᠵᠢᠨ ᠴᠢᠯᠠᠭᠤ ᠪᠠᠷ ᠴᠠᠪᠴᠢᠭᠠᠳ ᠣᠪᠤᠭᠠᠨ ᠤ ᠬᠢ ᠪᠠᠨ ᠠᠰ ᠡᠮᠦᠨ᠎ᠡ ᠨᠢ ᠰᠦᠯᠳᠡ ᠬᠡᠶᠢᠮᠦᠷᠢ ᠶᠢᠨ ᠮᠦᠩᠭᠡ ᠨᠠᠷᠠᠰᠤᠨ ᠪᠠᠭᠠᠨ᠎ᠠ ᠬᠠᠳᠬᠤᠵᠦ᠂ ᠦᠨᠡᠬᠡᠷ ᠴᠦ ᠢᠳᠡ ᠪᠦᠷᠢᠯᠳᠦᠬᠦᠯᠦᠨ ᠤᠬᠠᠭᠠᠨ ᠰᠢᠪᠬᠠᠭᠰᠠᠨ ᠪᠠᠶᠢᠨ᠎ᠠ᠃     ︽ᠰᠠᠶᠢᠨ ᠦᠨᠳᠦᠷ ᠠᠭᠤᠯᠠ︾᠎ ᠶᠢᠨ ᠲᠠᠬᠢᠯᠭ᠎ᠠ ᠶᠢᠨ ᠴᠠᠭ ᠮᠦᠴᠡ ᠪᠣᠯᠬᠤ ᠳᠤ ᠤᠷᠭᠤᠬᠤ ᠨᠠᠷᠠᠨ ᠤ ᠤᠯᠠᠭᠠᠨ ᠲᠤᠶᠠᠭ᠎ᠠ ᠠᠴᠠ ᠤᠷᠢᠳᠠᠨ ᠢᠷᠡᠭᠰᠡᠨ ᠮᠣᠩᠭᠤᠯᠴᠤᠳ ᠠᠷᠢᠭᠤᠨ ᠴᠠᠭᠠᠨ ᠰᠦᠨ ᠤ ᠳᠡᠭᠡᠵᠢ ᠪᠠᠨ ᠡᠷᠭᠦᠵᠦ᠂ ᠠᠭᠠᠷᠤ ᠽᠠᠨᠳᠠᠨ ᠦᠨᠦᠷ ᠠᠩᠭᠢᠯᠤᠭᠰᠠᠨ ᠰᠠᠩ ᠠᠷᠢᠭᠤᠳᠬᠠᠯ ᠬᠢᠵᠦ ᠠᠩᠬᠠᠨ ᠤ ᠮᠢᠨᠳᠠᠭ᠂ ᠳᠡᠭᠡᠳᠦᠰ ᠤᠨ ᠡᠷᠭᠦᠮᠵᠢᠯᠡᠯ ᠲᠠᠢ ︽ᠬᠤᠰᠢᠭᠤ ᠰᠠᠩ ᠳᠤ ᠲᠠᠩᠰᠠ ᠲᠠᠢ︾᠂ ︽ᠰᠠᠶᠢᠨ ᠦᠨᠳᠦᠷ ᠠᠭᠤᠯᠠ︾ ᠭᠡᠰᠡᠨ ᠵᠢᠩᠬᠢᠨᠢ ᠨᠡᠷ᠎ᠡ ᠶᠢ ᠨᠢ ᠳᠠᠭᠤᠳᠠᠵᠦ ᠰᠦᠰᠦᠭ ᠳᠠᠭᠠᠳᠬᠠᠯ ᠢᠶᠠᠨ ᠭᠦᠢᠴᠡᠳᠬᠡᠳᠡᠭ ᠪᠠᠶᠢᠨ᠎ᠠ᠃ ᠣᠪᠣᠭ᠎ᠠ ᠤᠰᠤ ᠪᠠᠨ ᠲᠠᠬᠢᠵᠦ ᠪᠠᠷᠠᠭᠠᠳ ᠪᠠᠭᠤᠪᠠᠯ ᠤᠭ ᠤᠨ ᠲᠤᠭᠲᠠᠭᠠᠯ᠂ ᠡᠷᠲᠡᠨ ᠤ ᠵᠣᠷᠰᠢᠯ ᠶᠤᠰᠤᠭᠠᠷ ᠠᠷᠤ ᠡᠩᠭᠡᠷ ᠬᠤᠶᠠᠷ ᠲᠠᠯ᠎ᠠ ᠳᠤᠨᠢ ᠵᠢᠯ ᠡᠭᠡᠯᠵᠢᠯᠡᠨ ᠬᠤᠷᠠᠳᠠᠭ — ᠣᠪᠣᠭ᠎ᠠ ᠬᠤᠢ ᠪᠠᠨ ᠬᠤᠷᠠᠵᠦ᠂ ᠡᠪᠦᠭᠡ ᠳᠡᠭᠡᠳᠤ ᠶᠢᠨ ᠤᠯᠠᠮᠵᠢᠯᠠᠯᠳᠤ ᠡᠷ᠎ᠡ ᠶᠢᠨ ᠭᠤᠷᠪᠠᠨ ᠮᠦᠷᠦᠶᠢᠴᠡᠭᠡᠨ ᠶᠠᠪᠤᠭᠤᠯᠵᠦ᠂ ︽ᠰᠠᠶᠢᠨ ᠦᠨᠳᠦᠷ ᠠᠭᠤᠯᠠ︾᠎ ᠶᠢᠨ ᠬᠢ ᠪᠠᠨ ᠲᠡᠤᠬᠡ ᠶᠢᠨ ᠢᠯᠠᠯᠳᠠ ᠶᠢ ᠲᠤᠷᠠᠰᠬᠠᠵᠦ᠂ ᠢᠷᠡᠭᠡᠳᠦᠢ ᠶᠢᠨ ᠪᠡᠯᠭᠡ ᠳᠡᠮᠪᠡᠷᠡᠯ ᠢ ᠨᠢ ᠪᠡᠯᠭᠡᠳᠡᠭ ᠪᠠᠶᠢᠵᠠᠢ᠃
 
ᠢᠷᠡᠯᠲᠡ᠄ ᠦᠵᠦᠮᠦᠴᠢᠨ ᠠᠶᠢᠮᠠᠭ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号