ᠰᠢᠯᠢ ᠶᠢᠨ ᠭᠤᠣᠯ ᠤᠨ ᠨᠤᠶᠠᠨ ᠤᠷᠬᠢᠯ ᠬᠠᠷᠠᠭᠠᠨᠠᠳᠠᠢ ᠬᠠᠨ ᠠᠭᠤᠯᠠ | | | ᠰᠢᠯᠢ ᠶᠢᠨ ᠭᠤᠣᠯ ᠤᠨ ᠤᠭ᠍ᠶᠤ ᠨᠤᠭᠤᠭᠠᠨ ᠲᠠᠯ᠎ᠠ ᠨᠤᠲᠤᠭ ᠤᠨ ᠰᠦᠯᠳᠡ ᠪᠤᠯᠤᠨ ᠰᠦᠨᠳᠡᠷᠯᠡᠭᠰᠡᠨ | ᠬᠠᠷᠠᠭᠠᠨᠠᠳᠠᠢ ᠬᠠᠨ ᠠᠭᠤᠯᠠ ᠪᠣᠯ ᠦᠵᠦᠮᠦᠴᠢᠨ ᠪᠠᠷᠠᠭᠤᠨ ᠭᠠᠷ ᠬᠤᠰᠢᠭᠤᠨ ᠤ ᠵᠡᠭᠦᠨ ᠪᠡᠶ᠎ᠡ ᠳᠤ ᠤᠭᠠᠯᠵᠠᠯᠠᠨ | ᠮᠢᠷᠠᠯᠵᠠᠭᠰᠠᠨ ᠠᠯᠳᠠᠨ ᠬᠢᠩᠭᠠᠨ ᠤ ᠰᠤᠯᠤᠩᠭᠠᠨ ᠬᠦᠪᠴᠢ ᠳᠤ ᠲᠤᠰ ᠠᠶᠢᠮᠠᠭ ᠤᠨ ᠨᠤᠶᠠᠨ ᠤᠷᠬᠢᠯ ᠪᠤᠯᠤᠨ | ᠵᠤᠭᠰᠤᠭᠰᠠᠨ ᠶᠤᠮ᠃ | ᠬᠠᠷᠠᠭᠠᠨᠠᠳᠠᠢ ᠬᠠᠨ ᠠᠭᠤᠯᠠ ᠪᠣᠯ ᠦᠵᠦᠮᠦᠴᠢᠨ ᠤ ᠠᠯᠳᠠᠷᠳᠤ ᠲᠠᠪᠤᠨ ᠬᠠᠨ ᠠᠭᠤᠯᠠ ᠶᠢᠨ ᠬᠠᠮᠤᠭ ᠤᠨ ᠠᠬ᠎ᠠ | ᠭᠡᠳᠡᠭ᠃ ᠲᠡᠭᠦᠨ ᠤ ︽ᠬᠠᠷ᠎ᠠ ᠭᠤᠨ᠎ᠠ ᠲᠠᠢ︾ ᠭᠡᠳᠡᠭ ᠨᠡᠷᠡᠶᠢᠳᠦᠯ ᠢ ᠡᠷᠲᠡᠨ ᠤ ᠲᠤᠮᠤᠭ ᠲᠤ᠄ ︽ᠠᠳᠡᠬᠢ | ᠬᠠᠶᠢᠷᠬᠠᠨ ᠤ ᠯᠤᠤᠰ ᠨᠢ ᠬᠠᠷ᠎ᠠ ᠭᠤᠨ᠎ᠠ ᠶᠢᠨ ᠦᠬᠡᠷ ᠬᠦᠯᠭᠡᠯᠡᠭᠰᠡᠨ ᠰᠠᠬᠢᠭᠤᠯᠰᠤᠨ ᠪᠠᠶᠢᠵᠦ᠂ ᠵᠠᠩᠭᠢᠯᠠᠭ᠎ᠠ ᠪᠠᠴᠢᠮ | ᠦᠶ᠎ᠡ ᠳᠤ ᠤᠷᠤᠨ ᠨᠤᠲᠤᠭ ᠤᠨ ᠬᠦᠮᠦᠨ ᠠᠷᠠᠳ ᠢᠶᠠᠨ ᠦᠷᠦᠰᠢᠶᠡᠨ ᠳᠡᠳᠬᠦᠵᠦ ᠪᠠᠶᠢᠭᠰᠠᠨ ᠠᠴᠠ ︿ᠬᠠᠷᠠᠭᠤᠨᠳᠠᠢ﹀ | ᠭᠡᠵᠦ ᠡᠷᠬᠦᠮᠵᠢᠯᠡᠭᠰᠡᠨ ᠶᠤᠮ︾ ᠭᠡᠵᠦ ᠬᠠᠭᠤᠴᠢᠯᠠᠳᠠᠭ᠃ ᠶᠡᠷᠦ ᠨᠢ ︽ᠬᠤᠰᠢᠭᠤ ᠰᠠᠩ︾ ᠵᠡᠷᠭᠡ ᠤᠷᠤᠨ | ᠨᠤᠲᠤᠭ ᠤᠨ ᠳᠡᠤᠬᠡ ᠬᠤᠯᠪᠤᠭ᠎ᠠ ᠳᠤ ︽ᠬᠠᠷ᠎ᠠ ᠭᠤᠨ᠎ᠠ ᠲᠠᠢ︾ ᠭᠡᠵᠦ ᠳᠡᠮᠳᠡᠭᠯᠡᠵᠦ ᠪᠠᠶᠢᠵᠠᠢ᠃ ᠬᠤᠵᠢᠮ ᠤᠨ | ᠬᠦᠮᠦᠰ ︽ᠬᠠᠷᠠᠭᠠᠨᠠᠳᠠᠢ︾ ᠭᠡᠵᠦ ᠳᠦᠭᠦᠮᠴᠢᠯᠡᠭᠡᠳ᠂ ᠤᠳᠤ ︽ᠬᠠᠷᠠᠭᠠᠨᠠᠳᠠᠢ ᠬᠠᠨ ᠠᠭᠤᠯᠠ︾ ᠭᠡᠵᠦ | ᠠᠯᠳᠠᠷᠰᠢᠭᠰᠠᠨ ᠪᠠᠶᠢᠨ᠎ᠠ᠃ | ᠬᠠᠷᠠᠭᠠᠨᠠᠳᠠᠢ ᠬᠠᠨ ᠠᠭᠤᠯᠠ ᠨᠢ ᠦᠵᠦᠮᠦᠴᠢᠨ ᠲᠠᠪᠤᠨ ᠬᠠᠨ ᠠᠭᠤᠯᠠ ᠶᠢᠨ ᠬᠠᠮᠤᠭ ᠠᠬ᠎ᠠ ᠪᠠ ᠰᠢᠯᠢ ᠶᠢᠨ | ᠭᠤᠣᠯ ᠠᠶᠢᠮᠠᠭ ᠤᠨ ᠬᠠᠮᠤᠭ ᠦᠨᠳᠦᠷ ᠨᠤᠶᠠᠨ ᠤᠷᠬᠢᠯ ᠪᠤᠯᠤᠭᠰᠠᠨ ᠤ ᠬᠤᠪᠢ ᠳᠤ᠂ ︽ᠰᠤᠭᠰᠠᠷᠠᠭᠠ︾ ᠶᠢᠨ | ᠠᠭᠤᠯᠠ ᠨᠢᠷᠤᠭᠤ ᠶᠢᠨ ᠳᠤᠮᠳᠠ᠂ ᠬᠢᠩᠭᠠᠨ ᠳᠠᠪᠠᠭ᠎ᠠ᠂ ᠮᠣᠨᠢ ᠠᠭᠤᠯᠠ ᠶᠢᠨ ᠵᠢᠷᠤᠬᠡ ᠶᠢ ᠬᠤᠯᠪᠤᠨ ᠪᠤᠰᠴᠦ᠂ ᠡᠷᠲᠡ | ᠳᠡᠭᠡᠳᠦ ᠳᠡᠭᠡᠨ ᠵᠡᠭᠦᠨ ᠪᠡᠶ᠎ᠡ ᠨᠢ ᠦᠵᠦᠮᠦᠴᠢᠨ ᠪᠠᠷᠠᠭᠤᠨ ᠬᠤᠰᠢᠭᠤᠨ ᠤ ᠪᠤᠷᠤᠰ ᠬᠤᠶᠠᠷ ᠰᠤᠮᠤᠨ ᠳᠤ | ᠬᠠᠷᠢᠶᠠᠯᠠᠭᠳᠠᠳᠠᠭ᠃ ᠪᠠᠷᠠᠭᠤᠨ ᠬᠤᠶᠢᠳᠤ ᠪᠡᠶ᠎ᠡ ᠨᠢ ᠬᠤᠶᠠᠷ ᠦᠵᠦᠮᠦᠴᠢᠨ ᠤ ᠠᠶᠢᠯ ᠡᠷᠦᠬᠡ ᠪᠠᠷ ᠪᠦᠷᠢᠯᠳᠦᠭᠰᠡᠨ ︽ | ᠦᠪᠦᠷ ᠲᠠᠪᠢᠨ ᠤ ᠦᠷᠲᠡᠭᠡ︾ ᠬᠠᠷᠢᠶ᠎ᠠ ᠨᠤᠲᠤᠭ ᠢᠶᠠᠷ ᠳᠠᠮᠵᠢᠵᠦ ᠪᠠᠭᠠᠷᠢᠨ ᠲᠠᠢ ᠵᠠᠬ᠎ᠠ ᠨᠡᠶᠢᠯᠡᠨ᠎ᠡ᠃ | ᠬᠠᠷᠠᠭᠠᠨᠠᠳᠠᠢ ᠬᠠᠨ ᠠᠭᠤᠯᠠ ᠶᠢᠨ ᠪᠠᠶᠠᠨ ᠪᠠᠶᠢᠭᠠᠯᠢ ᠥᠭᠯᠢᠭᠡᠴᠢ ᠰᠠᠩ᠂ ᠡᠷᠲᠡ ᠤᠵᠠᠭᠤᠷ ᠠᠴᠠ ᠬᠦᠮᠦᠨ | ᠳᠦᠷᠦᠯᠬᠢᠳᠠᠨ ᠤ ᠠᠮᠢᠳᠤᠷᠠᠯ ᠳᠤ ᠬᠢᠵᠠᠭᠠᠷ ᠦᠭᠡᠢ ᠭᠠᠪᠢᠶ᠎ᠠ᠂ ᠬᠡᠮᠵᠢᠶ᠎ᠡ ᠦᠭᠡᠢ ᠵᠢᠳᠬᠦᠯ ᠦᠵᠡᠬᠦᠯᠦᠭᠰᠡᠨ ᠠᠴᠠ | ᠮᠤᠩᠭᠤᠯᠴᠤᠳ ᠨᠡᠩ ᠴᠦ ᠦᠵᠦᠮᠦᠴᠢᠨ ᠠᠶᠢᠮᠠᠭ ᠳᠡᠭᠦᠨ ᠤ ᠠᠴᠢ ᠭᠠᠪᠢᠶ᠎ᠠ ᠶᠢ ᠨᠢ ᠪᠢᠰᠢᠷᠡᠨ᠂ ᠠᠤᠭ᠎ᠠ | ᠬᠠᠯᠠᠮᠵᠢ ᠶᠢ ᠨᠢ ᠬᠦᠨᠳᠦᠳᠬᠡᠨ᠂ ᠠᠭᠤᠯᠠ ᠤᠰᠤ ᠪᠠᠨ ᠠᠭᠤᠰᠬᠢ ᠶᠢᠨ ᠰᠤᠳᠠᠰᠤ ᠲᠠᠢ ᠪᠠᠨ ᠬᠤᠯᠪᠤᠭᠰᠠᠨ ᠭᠦᠨ | ᠵᠣᠵᠠᠭᠠᠨ ᠬᠠᠶᠢᠷ᠎ᠠ ᠰᠡᠳᠬᠢᠯᠭᠡ ᠪᠠᠷ ᠦᠵᠦᠮᠦᠴᠢᠨ ᠠᠶᠢᠮᠠᠭ ᠠᠯᠢ ᠡᠷᠲᠡ ᠠᠷᠪᠠᠨ ᠳᠤᠯᠤᠳᠤᠭᠠᠷ ᠵᠠᠭᠤᠨ ᠤ | ᠳᠦᠴᠢᠭᠡᠳ ᠣᠨ ᠳᠤ ᠳᠡᠭᠦᠨ ᠤ ᠵᠡᠭᠦᠨ ᠪᠡᠶ᠎ᠡ ᠳᠤ ︽ᠦᠵᠦᠮᠦᠴᠢᠨ ᠠᠶᠢᠮᠠᠭ ᠤᠨ ᠤᠤᠭᠠᠨ ᠦᠯᠦᠭᠡᠢ — | ᠵᠢᠭᠠᠰᠤᠳᠠᠢ ᠶᠢᠨ ᠭᠤᠣᠯ︾ ᠤᠨ ᠡᠬᠢᠨ ᠳᠤ ᠬᠤᠰᠢᠭᠤ ᠵᠠᠰᠠᠭ ᠪᠠᠶᠢᠭᠤᠯᠬᠤ ᠦᠶ᠎ᠡ ᠠᠴᠠ ︽ᠬᠤᠰᠢᠭᠤ ᠣᠪᠣᠭ᠎ᠠ︾ | ᠪᠠᠷ ᠲᠤᠭᠳᠠᠭᠠᠨ ᠲᠠᠬᠢᠵᠦ ᠰᠢᠳᠦᠭᠰᠡᠨ ᠪᠠᠶᠢᠵᠠᠢ᠃ | |