ᠪᠠᠷᠠᠭᠤᠨ ᠦᠵᠦᠮᠦᠴᠢᠨ ᠬᠤᠰᠢᠭᠤ ᠪᠠᠶᠠᠯᠢᠭ ᠠᠭᠤᠯᠭ᠎ᠠ ᠲᠠᠢ ᠠᠵᠢᠯᠯᠠᠭ᠎ᠠ ᠦᠷᠨᠢᠬᠦᠯᠦᠨ᠂ ᠨᠠᠮ ᠪᠠᠶᠢᠭᠤᠯᠤᠭᠳᠠᠭᠰᠠᠨ | 97 ᠵᠢᠯ ᠤᠨ ᠤᠢ ᠪᠠᠨ ᠪᠠᠯᠬᠡᠯᠡᠭᠰᠠᠨ | | ᠲᠤᠮᠳᠠᠳᠣ ᠤᠯᠤᠰ ᠤᠨ ᠡᠪ ᠬᠠᠮᠳᠣ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢᠨ ᠪᠠᠶᠠᠷ ᠭᠦᠷᠴᠦ | ᠢᠷᠡᠬᠦ ᠶᠢ ᠲᠤᠬᠢᠶᠠᠯᠳᠠᠭᠤᠯᠤᠨ᠂ ᠮᠠᠨ ᠤ ᠬᠤᠰᠢᠭᠤ ᠨᠢ ᠡᠯᠪᠡᠭ ᠪᠠᠶᠠᠯᠢᠭ ᠠᠭᠤᠯᠭ᠎ᠠ ᠲᠠᠢ ᠠᠵᠢᠯᠯᠠᠭ᠎ᠠ ᠦᠷᠨᠢᠬᠦᠯᠵᠦ᠂ | ᠨᠠᠮ ᠪᠠᠶᠢᠭᠤᠯᠤᠭᠳᠠᠭᠰᠠᠨ ᠪᠠᠶᠠᠷ ᠢᠶᠠᠨ ᠪᠠᠯᠬᠡᠯᠡᠭᠰᠠᠨ ᠪᠠᠶᠢᠨ᠎ᠠ ᠃ | | | | | 6 ᠰᠠᠷ᠎ᠠ ᠶᠢᠨ 29 ᠤ ᠡᠳᠦᠷ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠡᠯᠬᠡᠯᠡᠬᠦ ᠤᠷᠠᠨ ᠰᠠᠶᠢᠬᠠᠨ | ᠤ ᠳᠣᠭᠯᠠᠯᠳᠠ ᠪᠠᠶᠠᠰᠣᠯ ᠮᠠᠯᠵᠢᠬᠤ ᠤᠷᠤᠨ ᠤ ᠨᠠᠰᠣᠳᠠᠶᠢᠴᠣᠳ ᠤᠨ ᠬᠦᠷᠢᠶᠡᠯᠡᠩ ᠳᠤ ᠬᠦᠭᠵᠢᠶᠡᠨᠳᠡᠢ ᠶᠠᠪᠤᠭᠳᠠᠯ᠎ᠠ᠃ | | | | | | ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠠᠶᠠᠷᠯᠠᠨ ᠪᠡᠯᠭᠡᠯᠡᠵᠦ᠂ ᠨᠠᠰᠣᠳᠠᠶᠢᠴᠣᠳ ᠤᠨ ᠬᠦᠷᠢᠶᠡᠯᠡᠩ | ᠤᠨ ᠨᠠᠰᠣᠳᠠᠳ ᠤᠨ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠬᠤ ᠵᠤᠷᠢᠯᠭ᠎ᠠ ᠪᠠᠷ ᠬᠤᠰᠢᠭᠤ ᠠᠷᠠᠳ ᠤᠨ ᠶᠠᠪᠤᠳᠠᠯ | ᠤᠨ ᠲᠤᠪᠴᠢᠶᠠᠨ ᠤ ᠨᠠᠮ ᠤᠨ ᠡᠬᠦᠷ ᠠᠴᠠ ᠭᠤᠤᠯᠯᠠᠨ᠂ ᠪᠠᠶᠠᠰᠣᠯ ᠮᠠᠯᠵᠢᠬᠤ ᠤᠷᠤᠨ ᠤ ᠨᠠᠰᠣᠳᠠᠶᠢᠴᠣᠳ ᠤᠨ | ᠬᠦᠷᠢᠶᠡᠯᠡᠩ ᠤᠨ ᠨᠠᠮ ᠤᠨ ᠡᠬᠦᠷ ᠪᠤᠯᠤᠨ ᠬᠤᠰᠢᠭᠤ ᠤᠯᠠᠭᠠᠨᠮᠦ᠋ᠴᠢᠷ ᠠᠴᠠ ᠬᠠᠮᠵᠢᠯᠴᠠᠨ ᠡᠨᠡ ᠣᠳᠠᠭᠠᠨ ᠤ ᠣᠷᠠᠨ | ᠰᠠᠶᠢᠬᠠᠨ ᠤ ᠳᠣᠭᠯᠠᠯᠳᠠ ᠶᠢ ᠶᠠᠪᠤᠭᠳᠠᠭᠤᠯᠵᠠᠢ᠃ | | | | | ᠳᠣᠭᠯᠠᠯᠳᠠ ᠨᠢ ᠬᠤᠰᠢᠭᠤ ᠣᠯᠠᠭᠠᠨᠮᠦ᠋ᠴᠢᠷ ᠤᠨ ᠳᠣᠭᠯᠠᠭᠴᠢ ᠶᠢᠨ ᠣᠷᠳᠣ ᠶᠢᠨ ᠳᠠᠭᠤᠨ ᠤ ᠳᠣᠮᠳᠠ | ᠡᠬᠢᠯᠡᠯᠳᠡ ᠶᠢᠨ ᠬᠦᠰᠢᠬᠡ ᠰᠡᠬᠦᠵᠦ᠂ ᠣᠷᠳᠣ ᠶᠢᠨ ᠳᠠᠭᠤᠤ᠂ ᠬᠠᠮᠳᠣ ᠶᠢᠨ ᠪᠦᠵᠢᠭ᠂ ᠭᠤᠴᠣᠯᠠᠯ ᠳᠠᠭᠤᠤ᠂ | ᠬᠦᠬᠡᠮᠡᠢ᠂ ᠮᠤᠷᠢᠨ ᠬᠤᠭᠤᠷ᠂ ᠬᠠᠮᠳᠣ ᠶᠢᠨ ᠳᠠᠭᠤᠤ ᠵᠡᠷᠬᠡ ᠣᠯᠠᠭᠠᠨᠮᠦ᠋ᠴᠢᠷ ᠤᠨ ᠳᠣᠭᠯᠠᠭᠴᠢᠳ ᠤᠨ ᠪᠡᠯᠡᠳᠭᠡᠭᠰᠡᠨ | 7 ᠳᠣᠭᠯᠠᠯᠳᠠ ᠶᠢᠨ ᠳᠡᠬᠡᠷ᠎ᠡ ᠪᠠᠶᠠᠰᠣᠯ ᠮᠠᠯᠵᠢᠬᠤ ᠤᠷᠤᠨ ᠤ ᠨᠠᠰᠣᠳᠠᠶᠢᠴᠣᠳ ᠤᠨ ᠬᠦᠷᠢᠶᠡᠯᠡᠩ ᠤᠨ | ᠨᠠᠰᠣᠳᠠᠶᠢᠴᠣᠳ ᠦᠪᠡᠷᠰᠡᠳ ᠢᠶᠠᠨ ᠪᠡᠯᠡᠳᠭᠡᠭᠰᠡᠨ ᠲᠦᠷᠪᠡᠨ ᠳᠣᠭᠯᠠᠯᠳᠠ ᠪᠠᠨ ᠡᠷᠬᠦᠵᠦ᠂ ᠣᠯᠠᠭᠠᠨᠮᠦ᠋ᠴᠢᠷ ᠤᠨ | ᠳᠣᠭᠯᠠᠭᠴᠢᠳ ᠪᠤᠯᠤᠨ ᠪᠠᠶᠠᠰᠣᠯ ᠮᠠᠯᠵᠢᠬᠤ ᠤᠷᠤᠨ ᠤ ᠨᠠᠰᠣᠳᠠᠶᠢᠴᠣᠳ ᠤᠨ ᠬᠦᠷᠢᠶᠡᠯᠡᠩ ᠤᠨ ᠨᠠᠰᠣᠳᠠᠳ ᠬᠠᠮᠳᠣ | ᠪᠠᠷ ᠳᠣᠮᠳᠠᠳᠣ ᠣᠯᠣᠰ ᠤᠨ ᠡᠪ ᠬᠠᠮᠳᠣ ᠨᠠᠮ ᠤᠨ ᠠᠤᠭ᠎ᠠ ᠭᠠᠪᠢᠶ᠎ᠠ᠂ ᠦᠬᠡᠷᠡᠴᠢᠯᠡᠯᠳᠡ ᠨᠡᠬᠡᠬᠡᠯᠳᠡ ᠶᠢᠨ ᠠᠤᠭ᠎ᠠ | ᠦᠷ᠎ᠡ ᠪᠦᠳᠦᠮᠵᠢ ᠶᠢ ᠮᠠᠭᠳᠠᠨ ᠳᠠᠭᠤᠯᠠᠵᠤ᠂ ᠰᠢᠨ᠎ᠡ ᠴᠠᠭ ᠦᠶ᠎ᠡ ᠶᠢᠨ ᠣᠯᠠᠭᠠᠨᠮᠦ᠋ᠴᠢᠷ ᠤᠨ ᠳᠣᠭᠯᠠᠭᠴᠢ ᠪᠤᠯᠤᠨ | ᠦᠷᠬᠡᠨ ᠣᠯᠠᠨ ᠲᠦᠮᠡᠨ ᠤ ᠰᠢᠨ᠎ᠡ ᠲᠦᠷᠢ ᠪᠠᠶᠢᠳᠠᠯ ᠢ ᠣᠯᠠᠨ ᠳᠤ ᠬᠠᠷᠠᠭᠤᠯᠵᠤ᠂ ᠮᠦᠨᠴᠦ ᠪᠠᠶᠠᠰᠣᠯ ᠮᠠᠯᠵᠢᠬᠤ | ᠤᠷᠤᠨ ᠤ ᠨᠠᠰᠣᠳᠠᠶᠢᠴᠣᠳ ᠤᠨ ᠬᠦᠷᠢᠶᠡᠯᠡᠩ ᠤᠨ ᠨᠠᠰᠣᠳᠠᠳ ᠤᠨ ᠰᠣᠨᠣᠷ ᠢ ᠨᠢ ᠮᠢᠯᠢᠶᠠᠵᠤ᠂ ᠬᠠᠷᠠᠭ᠎ᠠ ᠶᠢ ᠨᠢ | ᠪᠠᠶᠠᠰᠬᠠᠭᠰᠠᠨ ᠪᠠᠶᠢᠨ᠎ᠠ᠃ | 6 ᠰᠠᠷ᠎ᠠ ᠶᠢᠨ 29 ᠤ ᠡᠳᠦᠷ᠂ ᠨᠠᠮ ᠤᠨ ᠰᠢᠯᠢᠳᠡᠭ ᠣᠯᠠᠮᠵᠢᠯᠠᠯ ᠢ ᠪᠠᠳᠠᠷᠠᠭᠤᠯᠣᠨ᠂ ᠨᠠᠮ | ᠪᠠᠶᠢᠭᠤᠯᠣᠭᠳᠠᠭᠰᠠᠨ ᠪᠠᠶᠠᠷ ᠤᠨ ᠡᠳᠦᠷ ᠢ ᠪᠡᠯᠭᠡᠳᠡᠨ᠂ ᠪᠦᠬᠦ ᠬᠤᠰᠢᠭᠤ ᠤ ᠺᠠᠳ᠋ᠷ ᠠᠵᠢᠯᠳᠠᠳ ᠤᠨ ᠰᠣᠶᠣᠯ ᠤᠨ | ᠠᠮᠢᠳᠣᠷᠠᠯ ᠢ ᠪᠠᠶᠠᠯᠢᠭᠵᠢᠭᠤᠯᠬᠤ ᠵᠣᠷᠢᠯᠭ᠎ᠠ ᠪᠠᠷ ᠬᠤᠰᠢᠭᠤ ᠠᠵᠢᠯᠴᠢᠨ ᠤ ᠶᠡᠷᠦᠩᠬᠡᠢ ᠡᠪᠯᠡᠯ ᠨᠢ ᠰᠣᠶᠣᠯ ᠲᠠᠮᠢᠷ ᠤᠨ | ᠲᠣᠪᠴᠢᠶ᠎ᠠ ᠲᠠᠢ ᠬᠠᠮᠲᠣᠷᠠᠨ ᠂ ︽7᠂1︾ ᠤ ᠨᠠᠮ ᠪᠠᠶᠢᠭᠤᠯᠣᠭᠳᠠᠭᠰᠠᠨ ᠪᠠᠶᠠᠷ ᠢ ᠪᠡᠯᠭᠡᠯᠡᠬᠦ ᠪᠦᠬᠦ ᠬᠤᠰᠢᠭᠤᠨ ᠤ | ᠠᠵᠢᠯᠴᠢᠨ ᠤ ᠳᠡᠭᠡᠰᠦ ᠦᠰᠦᠷᠬᠦ ᠣᠷᠣᠯᠳᠣᠭᠠᠨ ᠡᠷᠬᠢᠯᠡᠨ ᠶᠠᠪᠣᠭᠳᠠᠭᠤᠯᠵᠠᠢ᠃ | ᠲᠣᠰ ᠣᠳᠠᠭᠠᠨ ᠤ ᠳᠠᠭᠡᠰᠦ ᠦᠰᠦᠷᠬᠦ ᠣᠷᠣᠯᠳᠣᠭᠠᠨ ᠳᠤ᠂ ᠵᠠᠰᠠᠭ ᠵᠠᠬᠢᠷᠭ᠎ᠠ ᠪᠣᠯᠣᠨ ᠠᠵᠦ ᠠᠬᠤᠢ ᠠᠵᠢᠯ | ᠦᠢᠯᠡᠰ ᠤᠨ ᠨᠢᠭᠡᠴᠡ ᠶᠢᠨ 24 ᠲᠦᠯᠦᠭᠡᠯᠡᠭᠴᠢ ᠶᠢᠨ ᠠᠩᠬᠢ ᠣᠷᠣᠯᠴᠠᠵᠠᠢ᠃ | ᠬᠤᠷᠴᠠ ᠰᠢᠷᠦᠬᠦᠨ ᠣᠷᠣᠯᠳᠣᠭᠠᠨ ᠪᠠᠷ ᠳᠠᠮᠵᠢᠨ᠂ ᠬᠠᠮᠲᠦ ᠨᠢᠭᠡᠴᠡ ᠶᠢᠨ ᠣᠷᠣᠯᠳᠣᠭᠠᠨ ᠳᠤ ᠬᠠᠢ ᠵᠸᠣ | ᠵᠠᠳᠠᠭᠠᠢ ᠨᠡᠭᠦᠷᠡᠰᠦᠨ ᠠᠭᠤᠷᠬᠠᠢ ᠲᠡᠷᠢᠭᠦᠯᠡᠵᠦ᠂ ᠮᠣᠩᠭᠤᠯ ᠦᠨᠳᠦᠰᠦᠲᠡᠨ ᠤ ᠨᠢᠭᠡᠳᠦᠭᠡᠷ ᠪᠠᠭ᠎ᠠ ᠰᠣᠷᠭᠠᠭᠤᠯᠢ ᠳᠡᠳ᠋ | ᠨᠡᠷ᠎ᠡ ᠳᠤ ᠪᠠᠶᠢᠷᠢᠯᠠᠵᠦ᠂ ᠮᠣᠩᠭᠤᠯ ᠦᠨᠳᠦᠰᠦᠲᠡᠨ ᠤ ᠳᠣᠮᠳᠠᠳᠦ ᠰᠣᠷᠭᠠᠭᠤᠯᠢ ᠭᠤᠷᠪᠠᠳᠣᠭᠠᠷ ᠨᠡᠷ᠎ᠡ ᠳᠤ ᠣᠷᠣᠵᠠᠢ | ᠃ ᠡᠷᠡᠭᠲᠠᠢ ᠶᠢᠨ ᠳᠣᠭᠤᠶᠢᠯᠠᠩ ᠳᠤ ᠵᠠᠩ ᠾᠧᠩ᠂ ᠦᠨᠳᠦᠰᠦ᠂ ᠰᠦᠩ ᠶᠸᠢ ᠲᠦᠷᠦᠭᠦᠣ ᠭᠤᠷᠪᠠᠨ ᠨᠡᠷ᠎ᠡ ᠳᠤ | ᠣᠷᠣᠵᠦ᠂ ᠡᠮᠡᠭᠲᠠᠢ ᠶᠢᠨ ᠳᠣᠭᠤᠶᠢᠯᠠᠩ ᠳᠤ ᠣᠳᠬᠠᠨᠲᠣᠶᠠᠭᠠ᠂ ᠹᠦ᠋ ᠶᠠᠨ ᠵᠦᠢ᠂ ᠤᠳᠪᠠᠯᠠ ᠲᠦᠷᠦᠭᠦᠣ ᠭᠤᠷᠪᠠ | ᠳᠤ ᠣᠷᠣᠵᠠᠢ᠃ | ᠭᠤᠷᠤᠬᠠᠨ ᠪᠠᠯᠭᠠᠰᠣᠨ ᠤ ᠨᠠᠮ ᠤᠨ ᠬᠡᠰᠢᠬᠦᠨ ᠺᠠᠳ᠋ᠷᠴᠣᠳ ᠪᠤᠯᠤᠨ ᠡᠯ᠎ᠠ ᠭᠠᠴᠠᠭᠠᠨ ᠤ ᠨᠠᠮ ᠤᠨ ᠬᠡᠰᠢᠬᠦᠳ | ᠨᠢ ᠬᠠᠮᠳᠣ ᠪᠠᠷ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠠᠯᠬᠡᠯᠡᠬᠦ ᠠᠵᠢᠯᠯᠠᠭ᠎ᠠ ᠦᠷᠨᠢᠬᠦᠯᠵᠡᠢ᠃ | ᠠᠵᠢᠯᠯᠠᠭᠠᠨ ᠳᠤ ᠭᠤᠷᠤᠬᠠᠨ ᠪᠠᠯᠭᠠᠰᠣᠨ ᠤ ᠨᠠᠮ ᠤᠨ ᠬᠡᠰᠢᠬᠦᠳ ᠬᠠᠮᠳᠣᠪᠠᠷ ᠤᠯᠤᠰ ᠤᠨ ᠲᠤᠭ | ᠮᠠᠨᠳᠣᠭᠤᠯᠤᠨ᠂ ᠨᠠᠮ ᠳᠤ ᠤᠷᠤᠬᠤ ᠦᠶᠠᠰ ᠤᠨ ᠲᠠᠩᠭᠠᠷᠢᠭ ᠢᠶᠠᠨ ᠲᠠᠬᠢᠨ ᠡᠷᠬᠢᠴᠠᠬᠦᠯᠦᠭᠰᠠᠨ ᠤ ᠬᠠᠮᠳᠣ᠂ | ᠭᠤᠷᠤᠬᠠᠨ ᠪᠠᠯᠭᠠᠰᠣᠨ ᠤ ᠰᠠᠬᠡᠬᠡᠳᠠᠨ ᠤ ᠲᠤᠷᠠᠰᠬᠠᠯ ᠤᠨ ᠤᠷᠳᠣᠨ ᠢ ᠲᠤᠭᠤᠷᠢᠨ ᠦᠵᠡᠵᠦ᠂ ᠨᠠᠮ ᠤᠨ ᠬᠡᠰᠢᠬᠦᠳ | ᠳᠤ ᠲᠤᠰᠬᠠᠢ ᠪᠤᠯᠪᠠᠰᠣᠷᠠᠯ ᠭᠦᠷᠳᠠᠬᠡᠵᠡᠢ ᠃ | ᠭᠤᠷᠤᠬᠠᠨ ᠪᠠᠯᠭᠠᠰᠣᠨ ᠤ ᠲᠤᠰ ᠤᠳᠠᠭᠠᠨ ᠤ ᠠᠵᠢᠯᠯᠠᠭ᠎ᠠ ᠨᠢ ᠭᠠᠴᠠᠭᠠᠨ ᠤ ᠬᠤᠭᠤᠴᠠᠭ᠎ᠠ ᠬᠠᠯᠠᠬᠤ | ᠰᠣᠩᠭᠤᠭᠤᠯᠢ ᠂ ᠶᠠᠳᠠᠭᠤ ᠶᠢ ᠲᠠᠳᠭᠦᠵᠦ ᠪᠤᠭᠤᠮᠳᠠ ᠰᠢᠪᠳᠣᠯᠠᠬᠤ ᠲᠠᠶᠢᠯᠠᠯᠳᠣᠭᠠᠨ ᠪᠤᠯᠤᠨ ᠦᠬᠡᠷᠴᠢᠯᠠᠯᠳᠠ ᠶᠢ | ᠪᠦᠬᠦ ᠲᠠᠯ᠎ᠠ ᠪᠠᠷ ᠭᠦᠨᠵᠡᠬᠡᠶᠢᠷᠡᠬᠦᠯᠬᠦ ᠵᠠᠩᠭᠢᠯᠠᠭ᠎ᠠ ᠶᠢᠨ ᠴᠠᠭ ᠦᠶ᠎ᠠ ᠳᠤ ᠶᠠᠪᠤᠭᠳᠠᠵᠦ᠂ ᠬᠤᠶᠢᠰᠢᠳᠠ ᠶᠢᠨ ᠠᠵᠢᠯ ᠤᠨ | ᠤᠷᠤᠭᠰᠢᠳᠠᠢ ᠶᠠᠪᠤᠭᠳᠠᠬᠤ ᠳᠤ ᠦᠵᠡᠯ ᠰᠠᠨᠠᠭᠠᠨ ᠤ ᠰᠠᠭᠤᠷᠢ ᠶᠢ ᠲᠠᠯᠪᠢᠭᠰᠠᠨ ᠪᠠᠶᠢᠨ᠎ᠠ ᠃ | | |