ᠪᠠᠷᠠᠭᠤᠨ ᠦᠵᠦᠮᠦᠴᠢᠨ ᠬᠤᠰᠢᠭᠤ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠠᠯᠬᠡᠯᠠᠬᠦ  ︽ᠵᠢᠷᠭᠠᠯ ᠨᠦᠬᠦᠷ ᠤᠨ ᠵᠤᠷᠢᠭ ᠰᠠᠨᠠᠭ᠎ᠠ ᠶᠢ ᠰᠣᠷᠣᠯᠴᠠᠵᠦ᠂ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠲᠠᠶᠢᠯᠠᠯᠳᠣᠭᠠᠨ ᠢ ᠠᠬᠢᠭᠤᠯᠬᠤ︾  ᠨᠠᠶᠢᠳᠠ ᠶᠢᠨ  ᠰᠠᠶᠢᠨ ᠲᠤᠷ᠎ᠠ ᠶᠢᠨ ᠠᠵᠢᠯᠯᠠᠭ᠎ᠠ ᠦᠷᠨᠢᠬᠦᠯᠦᠭᠰᠠᠨ
ᠨᠡᠶᠢᠲᠡᠯᠡᠭᠰᠡᠨ ᠴᠠᠭ᠄
2018-07-02
ᠪᠠᠷᠠᠭᠤᠨ ᠦᠵᠦᠮᠦᠴᠢᠨ ᠬᠤᠰᠢᠭᠤ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠠᠯᠬᠡᠯᠠᠬᠦ  ︽ᠵᠢᠷᠭᠠᠯ ᠨᠦᠬᠦᠷ ᠤᠨ ᠵᠤᠷᠢᠭ ᠰᠠᠨᠠᠭ᠎ᠠ ᠶᠢ ᠰᠣᠷᠣᠯᠴᠠᠵᠦ᠂ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠲᠠᠶᠢᠯᠠᠯᠳᠣᠭᠠᠨ ᠢ ᠠᠬᠢᠭᠤᠯᠬᠤ︾  ᠨᠠᠶᠢᠳᠠ ᠶᠢᠨ  ᠰᠠᠶᠢᠨ ᠲᠤᠷ᠎ᠠ ᠶᠢᠨ ᠠᠵᠢᠯᠯᠠᠭ᠎ᠠ ᠦᠷᠨᠢᠬᠦᠯᠦᠭᠰᠠᠨ                  
   6 ᠰᠠᠷ᠎ᠡ ᠶᠢᠨ 30᠎ ᠤ ᠡᠳᠦᠷ᠂  ᠪᠠᠷᠠᠭᠤᠨ  ᠦᠵᠦᠮᠦᠴᠢᠨ ᠬᠤᠰᠢᠭᠤ ᠨᠢ  ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ  ᠪᠠᠯᠬᠡᠯᠡᠬᠦ ᠵᠢᠷᠭᠠᠯ ᠨᠦᠬᠦᠷ ᠤᠨ ᠵᠤᠷᠢᠭ ᠰᠠᠨᠠᠭ᠎ᠠ ᠶᠢ ᠰᠣᠷᠣᠯᠴᠠᠵᠦ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠲᠠᠶᠢᠯᠠᠯᠳᠣᠭᠠᠨ ᠢ ᠠᠬᠢᠭᠤᠯᠬᠤ ᠨᠠᠶᠢᠳᠠ ᠶᠢᠨ ᠰᠠᠶᠢᠨ ᠲᠤᠷ᠎ᠠ ᠶᠢᠨ ᠠᠵᠢᠯᠯᠠᠭ᠎ᠠ ᠦᠷᠨᠢᠬᠦᠯᠵᠦ  ᠂ ᠨᠠᠮ ᠪᠠᠶᠢᠭᠤᠯᠤᠭᠳᠠᠭᠰᠠᠨ 97 ᠵᠢᠯ ᠤᠨ ᠤᠢ ᠶᠢ ᠪᠠᠯᠬᠡᠯᠠᠨ  ᠂  ︽ᠵᠢᠷᠭᠠᠯ ᠨᠦᠬᠦᠷ ᠎ ᠤᠨ ᠵᠤᠷᠢᠭ ᠰᠠᠨᠠᠭ᠎ᠠ ᠶᠢ ᠰᠣᠷᠣᠯᠴᠠᠨ᠂ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠲᠠᠶᠢᠯᠠᠯᠳᠣᠭᠠᠨ ᠎ ᠢ ᠠᠬᠢᠭᠤᠯᠬᠤ︾ ᠨᠠᠶᠢᠳᠠ ᠶᠢᠨ ᠠᠵᠢᠯᠯᠠᠭ᠎ᠠ ᠪᠠᠨ ᠡᠬᠢᠯᠠᠬᠦᠯᠵᠡᠢ  ᠃
    ᠠᠵᠢᠯᠯᠠᠭᠠᠨ ᠤ ᠠᠬᠤᠢ ᠲᠠᠯᠠᠪᠤᠷ ᠲᠤ ᠠᠬᠠᠮᠠᠳ ᠨᠠᠮ ᠤᠨ ᠬᠡᠰᠢᠬᠦᠨ ᠠᠯᠳᠠᠨᠪᠠᠯ ᠤᠨ ᠲᠠᠭᠠᠭᠤᠯᠭ᠎ᠠ ᠲᠤᠤᠷ᠎ᠠ  ᠂ 128 ᠨᠠᠷ᠎ᠠ ᠰᠢᠨ᠎ᠠ ᠨᠠᠮ ᠤᠨ ᠬᠡᠰᠢᠬᠦᠳ ᠬᠠᠮᠳᠣ ᠪᠠᠷ ᠲᠠᠩᠭᠠᠷᠢᠭᠯᠠᠨ᠂ ᠡᠪ ᠬᠠᠮᠳᠣ ᠶᠢᠨ ᠦᠢᠯᠠᠰ ᠤᠨ ᠲᠦᠯᠤᠬᠡ ᠨᠠᠰᠣᠨ ᠲᠤᠷᠰᠢᠳᠠ ᠪᠠᠨ ᠴᠢᠷᠮᠠᠶᠢᠨ ᠵᠢᠳᠬᠦᠬᠦ ᠵᠤᠷᠢᠭ ᠢᠳᠠᠬᠡᠯ ᠢᠶᠠᠨ ᠢᠯᠠᠳᠬᠡᠵᠡᠢ᠃ ᠠᠬᠠᠮᠠᠳ ᠨᠠᠮ ᠤᠨ ᠬᠡᠰᠢᠬᠦᠨ ᠎ ᠠᠴᠠ ᠨᠠᠮ ᠳᠤ ᠤᠷᠤᠬᠤ ᠦᠶᠠᠰ ᠤᠨ ᠲᠠᠩᠭᠠᠷᠢᠭ ᠢᠶᠠᠨ ᠲᠠᠬᠢᠨ ᠡᠷᠬᠢᠴᠠᠬᠦᠯᠵᠦ᠂ ᠨᠠᠮ ᠢᠶᠠᠨ ᠬᠠᠶᠢᠷᠠᠯᠠᠬᠤ ᠬᠦᠨ ᠵᠤᠵᠠᠭᠠᠨ ᠬᠠᠶᠢᠷ᠎ᠠ ᠰᠠᠳᠬᠢᠯᠬᠡ ᠪᠠᠨ ᠢᠯᠠᠳᠬᠡᠨ᠂ ᠨᠠᠮ ᠤᠨ ᠬᠡᠰᠢᠬᠦᠳ ᠤᠨ ᠡᠭᠦᠷᠬᠡ ᠬᠠᠷᠢᠭᠤᠴᠠᠯᠭ᠎ᠠ ᠪᠠᠨ ᠪᠠᠳᠣ ᠴᠠᠬᠡᠵᠢᠯᠠᠵᠦ᠂ ᠪᠦᠬᠦ ᠬᠤᠰᠢᠭᠤᠨ ᠤ ᠡᠯ᠎ᠠ ᠲᠦᠷᠦᠯ ᠤᠨ ᠠᠵᠢᠯ ᠦᠢᠯᠠᠰ ᠢ ᠬᠤᠪᠢ ᠨᠠᠮᠠᠷᠢ ᠪᠠᠨ ᠦᠵᠡᠬᠦᠯᠬᠦ ᠶᠢ ᠤᠷᠢᠶᠠᠯᠠᠨ ᠲᠠᠶᠢᠴᠢᠯᠠᠭᠰᠠᠨ ᠪᠠᠶᠢᠨ᠎ᠠ  ᠃
      ᠭᠤᠷᠤᠬᠠᠨ ᠪᠠᠯᠭᠠᠰᠣᠨ ᠤ ᠪᠠᠶᠠᠨᠬᠠᠶᠢᠯᠠᠰᠣᠳᠠᠢ ᠭᠠᠴᠠᠭᠠᠨ ᠤ ᠮᠠᠯᠴᠢᠨ ᠪᠤᠶᠠᠨᠪᠠᠳᠣ᠂ ᠬᠤᠰᠢᠭᠤ ᠨᠢᠬᠡᠳᠣᠬᠡᠷ ᠪᠠᠭ᠎ᠠ ᠰᠣᠷᠭᠠᠭᠤᠯᠢ ᠶᠢᠨ ᠨᠠᠮ ᠤᠨ ᠬᠡᠰᠢᠬᠦᠨ ᠪᠠᠢ ᠶᠠᠨ ᠯᠢᠩ ᠰᠢᠨ᠎ᠠ ᠨᠠᠮ ᠤᠨ ᠬᠡᠰᠢᠬᠦᠳ ᠢ ᠲᠦᠯᠤᠬᠡᠯᠠᠨ ᠤᠪᠤᠷ ᠎ ᠢᠶᠠᠨ ᠢᠯᠠᠳᠬᠡᠵᠡᠢ᠃      ᠠᠵᠢᠯᠯᠠᠭᠠᠨ ᠳᠤ ᠪᠠᠰᠠ ᠪᠦᠬᠦ ᠤᠯᠤᠰ ᠤᠨ ᠶᠤᠰᠣ ᠰᠣᠷᠳᠠᠬᠤᠨ ᠤ ᠵᠢᠱᠢᠶᠠᠴᠢ᠂ ᠪᠦᠬᠦ ᠤᠯᠤᠰ ᠤᠨ ᠰᠢᠯᠢᠳᠡᠭ ᠨᠠᠮ ᠤᠨ ᠬᠡᠰᠢᠬᠦᠨ᠂ ᠦᠷᠡᠭᠳᠡᠭᠰᠠᠨ ᠪᠠᠭᠠᠳᠣᠷ ᠵᠢᠷᠭᠠᠯ ᠤᠨ ᠲᠠᠷᠢᠬᠦᠨ ᠤ ᠦᠢᠯᠠ ᠠᠵᠢᠯᠯᠠᠭ᠎ᠠ ᠶᠢᠨ ᠤᠬᠠᠭᠤᠯᠭ᠎ᠠ ᠶᠢᠨ ᠹᠢᠯᠢᠮ ᠢ ᠰᠣᠨᠢᠷᠬᠠᠭᠰᠠᠨ ᠤ ᠬᠠᠮᠳᠣ᠂ ᠵᠢᠷᠭᠠᠯ ᠨᠦᠬᠦᠷ ᠢ ᠲᠤᠷᠠᠰᠣᠨ ᠰᠠᠨᠠᠭᠠᠯᠵᠠᠬᠤ ᠰᠢᠯᠦᠭ ᠢ ᠤᠶᠠᠩᠭᠠᠯᠠᠭᠰᠠᠨ ᠪᠠᠶᠢᠨ᠎ᠠ  ᠃     ᠠᠵᠢᠯᠯᠠᠭᠠᠨ ᠳᠤ ︽ᠵᠢᠷᠭᠠᠯ ᠨᠦᠬᠦᠷ ᠤᠨ ᠵᠤᠷᠢᠭ ᠰᠠᠨᠠᠭ᠎ᠠ ᠪᠠᠷ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠨᠠᠶᠢᠳᠠ ᠶᠢᠨ ᠰᠠᠶᠢᠨ ᠲᠤᠷ᠎ᠠ ᠶᠢᠨ ᠠᠵᠢᠯᠯᠠᠭᠠᠨ  ︾᠎ ᠤ ᠰᠠᠨᠠᠭᠠᠴᠢᠯᠠᠭ᠎ᠠ ᠶᠢᠨ ᠪᠢᠴᠢᠭ ᠢ ᠤᠯᠠᠮᠵᠢᠯᠠᠨ ᠨᠠᠶᠢᠳᠠᠯᠠᠵᠡᠢ᠃
          ᠤᠶᠢᠯᠠᠭᠠᠭᠰᠠᠨ ᠢᠶᠠᠷ ︽ᠵᠢᠷᠭᠠᠯ ᠰᠠᠶᠢᠨ ᠲᠤᠷ᠎ᠠ ᠶᠢᠨ ᠦᠢᠯᠠᠴᠢᠯᠠᠬᠡᠨ ᠤ ᠠᠩᠬᠢ︾᠎ ᠨᠢ ᠬᠤᠰᠢᠭᠤ ᠨᠠᠮ ᠤᠨ ᠬᠤᠷᠢᠶᠠᠨ ᠤ ᠤᠬᠠᠭᠤᠯᠬᠤ ᠬᠡᠯᠳᠠᠰ᠂ ᠵᠤᠬᠢᠶᠠᠨ ᠪᠠᠶᠢᠭᠤᠯᠬᠤ ᠬᠡᠯᠳᠠᠰ᠂ ᠭᠤᠷᠤᠬᠠᠨ ᠪᠠᠯᠭᠠᠰᠣᠨ ᠤ ᠨᠠᠮ ᠤᠨ ᠬᠤᠷᠢᠶ᠎ᠠ᠂ ᠵᠢᠷᠭᠠᠯ ᠨᠦᠬᠦᠷ ᠤᠨ ᠲᠦᠷᠦᠯ ᠰᠠᠳᠣᠨ᠂ ᠬᠠᠮᠳᠣ ᠠᠵᠢᠯᠳᠠᠨ  ᠂ ᠨᠠᠶᠢᠵᠠ ᠨᠦᠬᠦᠳ ᠵᠢᠴᠢ ᠵᠢᠷᠭᠠᠯ ᠨᠦᠬᠦᠷ ᠤᠨ ᠲᠠᠷᠢᠬᠦᠨ ᠤ ᠦᠢᠯᠠ ᠠᠵᠢᠯᠯᠠᠭᠠᠨ ᠤ ᠮᠠᠳᠠᠬᠦᠯᠤᠯᠳᠠ ᠶᠢᠨ ᠪᠦᠯᠬᠦᠮ ᠤᠨ ᠬᠡᠰᠢᠬᠦᠨ ᠢᠶᠠᠷ ᠪᠦᠷᠢᠯᠳᠣᠵᠦ᠂ ᠵᠢᠷᠭᠠᠯ ᠨᠦᠬᠦᠷ ᠤᠨ ᠲᠠᠷᠢᠬᠦᠨ ᠤ ᠵᠤᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠬᠤ ᠪᠠᠷ ᠵᠤᠷᠢᠯᠳᠠ ᠪᠠᠨ ᠪᠤᠯᠭᠠᠵᠦ᠂ ᠬᠤᠰᠢᠭᠤ ᠤᠯᠠᠭᠠᠨ ᠵᠠᠭᠠᠯᠮᠠᠶᠢᠳᠠᠨ ᠤ ᠨᠠᠶᠢᠬᠡᠮᠯᠢᠭ ᠠᠴᠠ ︽ᠵᠢᠷᠭᠠᠯ ᠶᠠᠳᠠᠭᠤ ᠭᠦᠴᠢᠷᠳᠠᠯᠳᠠᠢ ᠶᠢ ᠲᠠᠳᠭᠦᠨ ᠲᠠᠮᠵᠢᠬᠦ ᠪᠠᠩᠬᠢ ᠶᠢᠨ ᠺᠠᠷᠲ︾ ᠎ ᠶᠢ ᠪᠠᠶᠢᠭᠤᠯᠤᠨ᠂ ᠶᠠᠳᠠᠭᠤ ᠠᠴᠠ ᠠᠩᠬᠢᠵᠢᠷᠠᠭᠤᠯᠤᠨ ᠪᠤᠭᠤᠮᠳᠠ ᠰᠢᠪᠳᠣᠯᠠᠬᠤ ᠠᠵᠢᠯ ᠳᠤ ᠲᠠᠮᠵᠢᠯᠬᠡ ᠦᠵᠡᠬᠦᠯᠵᠦ᠂ ᠭᠦᠨᠳᠣ ᠡᠪᠡᠳᠴᠢᠳᠠᠨ᠂  ᠭᠦᠨᠳᠣ ᠨᠤᠴᠢᠳᠠᠢ ᠭᠠᠢ ᠭᠠᠮᠰᠢᠭ  ᠪᠤᠯᠤᠨ  ᠬᠡᠷᠡᠭ ᠶᠠᠪᠤᠳᠠᠯ  ᠲᠤᠬᠢᠶᠠᠯᠳᠣᠭᠰᠠᠨ ᠶᠠᠳᠠᠭᠤ ᠭᠦᠴᠢᠷᠳᠠᠯᠳᠠᠢ ᠬᠡᠷ ᠪᠦᠯᠢ ᠳᠤ ᠵᠤᠷᠢᠭᠤᠯᠤᠭᠰᠠᠨ ᠪᠠᠶᠢᠨ᠎ᠠ  ᠃
   ᠪᠠᠷᠠᠭᠤᠨ ᠦᠵᠦᠮᠦᠴᠢᠨ ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠠᠰ ᠤᠨ ᠲᠠᠷᠤᠭ᠎ᠠ ᠤᠯᠠᠭᠠᠨ ᠠᠴᠠ ᠵᠢᠷᠭᠠᠯ ᠰᠠᠶᠢᠨ ᠲᠤᠷ᠎ᠠ ᠶᠢᠨ ᠦᠢᠯᠠᠴᠢᠯᠠᠬᠡᠨ ᠤ ᠠᠩᠬᠢ ᠳᠤ ᠲᠤᠭ ᠤᠯᠭᠤᠨ᠂ ᠠᠵᠢᠯᠯᠠᠭᠠᠨ ᠳᠤ ᠤᠷᠤᠯᠴᠠᠭᠰᠠᠳ ᠨᠢ ᠠᠬᠤᠢ ᠲᠠᠯᠠᠪᠤᠷ ᠳᠤ 124285.00 ᠲᠦᠮᠠᠨ ᠲᠦᠭᠦᠷᠡᠭ ᠬᠠᠨᠳᠢᠪᠯᠠᠭᠰᠠᠨ ᠪᠠᠶᠢᠨ᠎ᠠ  ᠃
        ᠠᠬᠤᠢ ᠲᠠᠯᠠᠪᠤᠷ ᠲᠤ ︽ᠵᠢᠷᠭᠠᠯ ᠨᠦᠬᠦᠷ ᠤᠨ ᠵᠤᠷᠢᠭ ᠰᠠᠨᠠᠭ᠎ᠠ ᠶᠢ ᠰᠣᠷᠣᠯᠴᠠᠵᠦ  ᠂ ᠶᠠᠳᠠᠭᠤ ᠠᠴᠠ ᠠᠩᠬᠢᠵᠢᠷᠠᠭᠤᠯᠵᠦ ᠪᠤᠭᠤᠮᠳᠠ ᠰᠢᠪᠳᠣᠯᠠᠬᠤ ᠲᠠᠶᠢᠯᠠᠯᠳᠣᠭᠭᠠᠨ ᠢ ᠠᠬᠢᠭᠤᠯᠬᠤ︾ ᠰᠠᠶᠢᠨ ᠲᠤᠷ᠎ᠠ ᠶᠢᠨ ᠠᠵᠢᠯᠯᠠᠭ᠎ᠠ ᠶᠢ ᠡᠬᠢᠯᠠᠬᠦᠯᠵᠦ  ᠂ ᠲᠠᠪᠤᠨ ᠶᠠᠳᠠᠭᠤ ᠭᠦᠴᠢᠷᠳᠠᠯᠳᠠᠢ ᠡᠷᠣᠬᠡ ᠳᠤ ᠲᠤᠰᠠᠯᠠᠮᠵᠢ ᠦᠵᠡᠬᠦᠯᠵᠡᠢ  ᠃
 
ᠢᠷᠡᠯᠲᠡ᠄ ᠬᠤᠰᠢᠭᠤ ᠷᠠᠳᠢᠣ᠋ ᠲᠧᠯᠸᠢᠰ ᠬᠤᠷᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号