ᠠᠶᠢᠮᠠᠭ ᠤᠨ ᠨᠠᠮ ᠤᠨ ᠬᠤᠷᠢᠶᠠᠨ ᠤ ᠲᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠎ ᠤ ᠱᠦᠵᠢ ᠪᠤᠤ ᠭᠦᠸᠧ ᠴᠢᠤᠸᠠᠨ ᠮᠠᠨ ᠤ ᠬᠤᠰᠢᠭᠤᠨ ᠳᠤ ᠪᠠᠶᠢᠴᠠᠭᠠᠨ ᠰᠤᠳᠤᠯᠤᠯᠳᠠ ᠬᠢᠪᠡ
ᠨᠡᠶᠢᠲᠡᠯᠡᠭᠰᠡᠨ ᠴᠠᠭ᠄
2018-02-02
     1 ᠰᠠᠷ᠎ᠠ ᠶᠢᠨ 29᠎ ᠤ ᠡᠳᠦᠷ ᠠᠶᠢᠮᠠᠭ ᠤᠨ ᠨᠠᠮ ᠤᠨ ᠬᠤᠷᠢᠶᠠᠨ ᠤ ᠲᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠱᠦᠵᠢ ᠪᠤᠤ ᠭᠦᠸᠧ ᠴᠢᠤᠸᠠᠨ ᠮᠠᠨ ᠤ ᠬᠤᠰᠢᠭᠤᠨ ᠳᠤ ᠬᠦᠨᠵᠡᠭᠡᠶᠢᠷᠡᠨ᠂ ᠮᠠᠯᠵᠢᠬᠤ ᠤᠷᠤᠨ ᠤ ᠠᠵᠢᠯ᠂ ᠤᠯᠤᠰ ᠲᠦᠷᠦ ᠬᠠᠤᠯᠢ ᠴᠠᠭᠠᠵᠠ ᠶᠢᠨ ᠲᠤᠭᠳᠠᠭᠤᠨ ᠢ ᠬᠠᠮᠠᠭᠠᠯᠠᠬᠤ ᠪᠤᠯᠤᠨ ᠶᠠᠳᠠᠭᠤ ᠎ ᠶᠢ ᠲᠡᠳᠬᠦᠨ ᠪᠤᠭᠤᠮᠳᠠ ᠰᠢᠪᠳᠤᠯᠬᠤ ᠠᠵᠢᠯ ᠳᠤ ᠪᠠᠶᠢᠴᠠᠭᠠᠯᠳᠠ ᠬᠢᠵᠦ ᠵᠢᠭᠠᠨ ᠵᠢᠯᠤᠭᠤᠳᠪᠠ᠃ ᠬᠤᠰᠢᠭᠤᠨ ᠤ ᠨᠠᠮ ᠤᠨ ᠬᠤᠷᠢᠶᠠᠨ ᠤ ᠲᠡᠳ᠋ ᠱᠦᠵᠢ ᠲᠠᠷᠬᠠᠠᠬᠦᠦ᠂ ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠱᠦᠵᠢ ᠬᠠᠢ ᠱᠠᠨ ᠪᠠᠶᠢᠴᠠᠭᠠᠯᠳᠠ ᠳᠤ ᠤᠷᠤᠯᠴᠠᠵᠠᠢ᠃       ᠪᠤᠤ ᠭᠦᠸᠧ ᠴᠢᠤᠸᠠᠨ ᠵᠡᠷᠭᠡ ᠤᠳᠤᠷᠢᠳᠤᠯᠭ᠎ᠠ ᠵᠢᠷ ᠤᠨ ᠭᠤᠤᠯ ᠪᠠᠯᠭᠠᠰᠤᠨ ᠤ ᠵᠢᠷ ᠭᠠᠴᠠᠭᠠᠨ ᠤ ᠮᠠᠯᠵᠢᠯ ᠎ ᠤᠨ ᠲᠤᠮᠤ ᠡᠷᠦᠬᠡ ᠪᠤᠶᠠᠨ ᠪᠤᠯᠤᠨ ᠪᠠᠶ᠋ᠬᠠᠭᠤᠯᠠ ᠨᠡᠶᠢᠭᠡᠮ ᠲᠤᠭᠤᠷᠢᠭ᠂ ᠬᠤᠰᠢᠭᠤᠨ ᠤ ᠨᠡᠶᠢᠳᠡ ᠶᠢᠨ ᠬᠠᠤᠯᠢ ᠴᠠᠭᠠᠵᠠ ᠶᠢᠨ ᠦᠢᠯᠡᠴᠢᠯᠡᠭᠡᠨ ᠤ ᠲᠦᠪ᠂ ᠨᠡᠶᠢᠭᠡᠮ ᠲᠤᠭᠤᠷᠢᠭ ᠤᠨ ᠬᠠᠯᠠᠨ ᠰᠠᠶᠢᠵᠢᠷᠠᠭᠤᠯᠬᠤ ᠲᠦᠪ᠂ ᠬᠤᠳᠠ ᠶᠢᠨ ᠲᠦᠯᠦᠪᠵᠢᠭᠦᠯᠭᠡ ᠶᠢᠨ ᠲᠢᠩᠬᠢᠮ ᠢᠶᠠᠷ ᠲᠤᠭᠤᠷᠢᠨ ᠦᠵᠡᠵᠦ᠂ ᠮᠠᠨ ᠤ ᠬᠤᠰᠢᠭᠤᠨ ᠤ ᠨᠡᠶᠢᠭᠡᠮ ᠠᠵᠤ ᠠᠬᠤᠢ ᠶᠢᠨ ᠬᠦᠭᠵᠢᠯᠳᠡ᠂ ᠮᠠᠯᠵᠢᠬᠤ ᠤᠷᠤᠨ ᠤ ᠠᠵᠢᠯ᠂ ᠤᠯᠤᠰ ᠲᠦᠷᠦ ᠬᠠᠤᠯᠢ ᠴᠠᠭᠠᠵᠠ ᠶᠢᠨ ᠲᠤᠭᠳᠠᠭᠤᠨ ᠢ ᠬᠠᠮᠠᠭᠠᠯᠠᠬᠤ ᠪᠤᠯᠤᠨ ᠶᠠᠳᠠᠭᠤ ᠶᠢ ᠲᠡᠳᠬᠦᠨ ᠪᠤᠭᠤᠮᠳᠠ ᠰᠢᠪᠳᠤᠯᠬᠤ ᠠᠵᠢᠯ ᠳᠤ ᠪᠠᠶᠢᠴᠠᠭᠠᠯᠳᠠ ᠬᠢᠵᠦ ᠵᠢᠭᠠᠨ ᠵᠢᠯᠤᠭᠤᠳᠪᠠ᠃       ᠮᠠᠯᠴᠢᠨ ᠪᠤᠶᠠᠨ ᠤ ᠬᠢᠨ ᠤ ᠰᠠᠭᠤᠷᠢ ᠪᠦᠳᠦᠭᠡᠨ ᠪᠠᠶᠢᠭᠤᠯᠤᠯᠳᠠ ᠪᠠ ᠠᠷᠠᠴᠢᠯᠠᠭ᠎ᠠ ᠮᠠᠯᠵᠢᠯᠭ᠎ᠠ ᠶᠢᠨ ᠪᠠᠶᠢᠳᠠᠯ ᠎ ᠢ ᠲᠤᠭᠤᠷᠢᠨ ᠦᠵᠡᠵᠦ᠂ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ᠂ ᠮᠠᠯ ᠤᠨ ᠦᠨ᠎ᠡ ᠬᠠᠩᠰᠢ᠂ ᠮᠢᠬᠠᠨ ᠤ ᠦᠬᠡᠷ ᠤᠨ ᠦᠷ᠎ᠡ ᠠᠰᠢᠭ᠂ ᠤᠷᠤᠯᠭ᠎ᠠ ᠵᠠᠷᠤᠯᠭ᠎ᠠ ᠶᠢᠨ ᠪᠠᠶᠢᠳᠠᠯ ᠢ ᠨᠠᠷᠢᠨ ᠤᠶᠢᠯᠠᠭᠠᠪᠠ᠃ ᠪᠤᠤ ᠭᠦᠸᠧ ᠴᠢᠤᠸᠠᠨ ᠴᠢᠬᠤᠯᠠᠴᠢᠯᠠᠬᠤ ᠳᠠᠭᠠᠨ᠂ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭᠠᠨ ᠤ ︽ᠬᠤᠨᠢ ᠶᠢ ᠴᠢᠨᠠᠷᠵᠢᠭᠤᠯᠵᠤ ᠦᠬᠡᠷ ᠢ ᠨᠡᠮᠡᠭᠳᠡᠭᠦᠯᠭᠦ︾ ᠭᠦᠭᠵᠢᠯᠳᠠ ᠶᠢᠨ ᠪᠠᠶᠢᠯᠳᠣᠬᠤ ᠪᠤᠳᠤᠯᠭ᠎ᠠ ᠶᠢᠨ ᠲᠤᠭᠤᠷᠢᠨ ᠳᠤ ᠰᠢᠯᠢᠳᠡᠭ ᠡᠭᠦᠯᠳᠡᠷ ᠤᠨ ᠦᠬᠡᠷ ᠲᠡᠵᠢᠭᠡᠬᠦ ᠶᠢ ᠵᠤᠷᠢᠭᠵᠢᠭᠤᠯᠬᠤ ᠲᠦᠷᠦ ᠶᠢᠨ ᠪᠤᠳᠤᠯᠭ᠎ᠠ ᠶᠢᠨ ᠠᠵᠠ ᠲᠤᠬᠢᠶᠠᠯ ᠢ ᠠᠰᠢᠭᠯᠠᠨ᠂ ᠮᠢᠬᠠᠨ ᠤ ᠦᠬᠡᠷ ᠲᠡᠵᠢᠭᠡᠵᠦ ᠪᠠᠶᠢᠭ᠎ᠠ ᠮᠠᠯᠵᠢᠯ ᠤᠨ ᠲᠤᠮᠤ ᠡᠷᠦᠬᠡ ᠶᠢᠨ ᠲᠠᠶᠢᠴᠢᠯᠠᠨ ᠲᠠᠭᠠᠭᠤᠯᠬᠤ ᠦᠢᠯᠡᠳᠦᠯ ᠢ ᠬᠦᠢᠴᠡᠳ ᠪᠠᠳᠠᠷᠠᠭᠤᠯᠵᠤ᠂ ᠮᠠᠯᠴᠢᠳ ᠤᠨ ᠤᠷᠤᠯᠭ᠎ᠠ ᠵᠠᠷᠤᠯᠭ᠎ᠠ ᠶᠢᠨ ᠪᠠᠶᠢᠳᠠᠯ ᠠᠴᠠ ᠨᠢ ᠭᠠᠷᠳᠠᠨ ︽ᠲᠠᠩᠰᠠ ᠪᠤᠳᠤᠵᠤ ᠮᠠᠯ ᠮᠠᠯᠵᠢᠬᠤ︾᠎ ᠪᠠᠷ ᠤᠷᠤᠯᠭ᠎ᠠ ᠪᠠᠨ ᠪᠠᠳᠤᠯᠠᠬᠤ ᠰᠢᠨ᠎ᠡ ᠲᠠᠨᠢᠯᠳᠠ ᠶᠢ ᠪᠤᠢ ᠪᠤᠯᠭᠠᠵᠤ᠂ ᠮᠠᠯᠴᠢᠳ ᠢ ᠵᠤᠷᠢᠭᠵᠢᠭᠤᠯᠤᠨ ᠲᠠᠭᠠᠭᠤᠯᠵᠤ ᠰᠢᠯᠢᠳᠡᠭ ᠡᠭᠦᠯᠳᠡᠷ ᠤᠨ ᠮᠢᠬᠠᠨ ᠤ ᠦᠬᠡᠷ ᠮᠠᠯᠵᠢᠬᠤ ᠵᠠᠮ ᠢᠶᠠᠷ ᠵᠠᠮᠨᠠᠭᠤᠯᠤᠨ ᠮᠠᠯ ᠠᠵᠤ ᠠᠬᠤᠢ ᠶᠢᠨ ᠤᠳᠤᠬᠢᠴᠢᠯᠠᠯᠳᠠ ᠶᠢ ᠠᠬᠢᠭᠤᠯᠬᠤ ᠬᠡᠷᠡᠭᠳᠡᠢ ᠭᠡᠵᠡᠢ᠃       ᠪᠤᠤ ᠭᠦᠸᠧ ᠴᠢᠤᠸᠠᠨ ᠵᠡᠷᠭᠡ ᠤᠳᠤᠷᠢᠳᠤᠯᠭ᠎ᠠ ᠪᠠᠶ᠋ᠬᠠᠭᠤᠯᠠ ᠲᠤᠭᠤᠷᠢᠭ ᠤᠨ ᠬᠦᠳᠡᠯᠭᠡᠭᠡᠨ ᠤ ᠲᠦᠪ᠂ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠦᠷᠳᠡᠭᠡ᠂ ᠰᠡᠷᠡᠮᠵᠢ ᠶᠢᠨ ᠬᠦᠮᠦᠵᠢᠭᠦᠯᠦᠯ ᠤᠨ ᠭᠠᠵᠠᠷ᠂ ᠵᠠᠮᠳᠡᠭᠴᠦᠳ ᠎ ᠤᠨ ᠡᠷᠡᠭᠦᠯᠵᠢᠯ ᠤᠨ ᠲᠦᠪ᠂ ᠬᠠᠶᠢᠷ᠎ᠠ ᠬᠠᠯᠠᠮᠵᠢ ᠶᠢᠨ ᠲᠡᠯᠭᠡᠭᠦᠷ ᠢᠶᠠᠷ ᠲᠤᠭᠤᠷᠢᠨ ᠪᠠᠶᠢᠴᠠᠭᠠᠵᠤ᠂ ᠰᠠᠭᠤᠭᠠᠯᠢ ᠠᠷᠠᠳ ᠤᠨ ᠰᠤᠶᠤᠯ ᠤᠨ ᠠᠵᠢᠯᠯᠠᠭ᠎ᠠ᠂ ᠬᠠᠤᠯᠢ ᠪᠠᠷ ᠵᠠᠰᠠᠬᠤ ᠤᠬᠠᠭᠤᠯᠭ᠎ᠠ᠂ ᠦᠢᠯᠡᠴᠢᠯᠡᠭᠡ ᠬᠠᠮᠢᠶᠠᠷᠤᠯᠳᠠ ᠶᠢᠨ ᠠᠵᠢᠯ᠂ ᠺᠠᠳ᠋ᠷ ᠤᠨ ᠡᠩᠨᠡᠭᠡᠨ ᠤ ᠪᠠᠶᠢᠭᠤᠯᠤᠯᠳᠠ ᠶᠢᠨ ᠪᠠᠶᠢᠳᠠᠯ ᠢ ᠤᠶᠢᠯᠠᠭᠠᠭᠰᠠᠨ ᠤ ᠲᠠᠷᠠᠭ᠎ᠠ᠂ ᠮᠠᠨ ᠤ ᠬᠤᠰᠢᠭᠤᠨ ᠎ ᠤ ᠨᠡᠶᠢᠭᠡᠮ ᠲᠤᠭᠤᠷᠢᠭ ᠤᠨ ᠠᠵᠢᠯ ᠳᠤ ᠬᠦᠢᠴᠡᠳ ᠨᠤᠳᠠᠯᠠᠯᠳᠠ ᠦᠭᠪᠡ᠃ ᠪᠤᠤ ᠭᠦᠸᠧ ᠴᠢᠤᠸᠠᠨ ᠴᠢᠬᠤᠯᠠᠴᠢᠯᠠᠬᠤ ᠎ ᠳᠠᠭᠠᠨ᠂ ᠬᠠᠤᠯᠢ ᠪᠠᠷ ᠵᠠᠰᠠᠬᠤ ᠤᠬᠠᠭᠤᠯᠭ᠎ᠠ ᠬᠦᠮᠦᠵᠢᠯ ᠤᠨ ᠠᠵᠢᠯ ᠢ ᠦᠷᠭᠦᠯᠵᠢᠯᠡᠨ ᠯᠠᠪᠳᠠᠭᠤᠨ ᠢᠶᠠᠷ ᠠᠬᠢᠭᠤᠯᠵᠤ ᠂ ᠰᠤᠷᠤᠯᠴᠠᠬᠤ ᠪᠠ ᠰᠤᠶᠤᠯ ᠤᠨ ᠠᠵᠢᠯᠯᠠᠭ᠎ᠠ ᠶᠢ ᠤᠶᠠᠯᠳᠤᠭᠤᠯᠤᠨ ᠶᠠᠪᠤᠭᠳᠠᠭᠤᠯᠬᠤ ᠬᠡᠯᠪᠡᠷᠢ ᠪᠠᠷ ᠬᠠᠤᠯᠢ ᠶᠢᠨ ᠤᠬᠠᠭᠤᠯᠭ᠎ᠠ ᠶᠢᠨ ᠠᠵᠢᠯᠯᠠᠭ᠎ᠠ ᠶᠢ ᠤᠯᠠᠮ ᠪᠠᠶᠠᠯᠢᠭᠵᠢᠭᠤᠯᠤᠨ᠂ ᠦᠷᠭᠡᠨ ᠤᠯᠠᠨ ᠰᠠᠭᠤᠭᠠᠯᠢ ᠠᠷᠠᠳ ᠤᠨ ᠰᠤᠷᠤᠯᠴᠠᠯᠭ᠎ᠠ ᠳᠤ ᠤᠷᠤᠯᠴᠠᠬᠤ ᠢᠳᠡᠪᠬᠢᠵᠢᠯ ᠢ ᠨᠢ ᠲᠠᠶᠢᠴᠢᠯᠠᠨ ᠬᠠᠤᠯᠢ ᠶᠢᠨ ᠤᠬᠠᠮᠰᠠᠷ ᠢ ᠨᠢ ᠲᠡᠭᠡᠭᠰᠢᠯᠡᠬᠦᠯᠬᠦ ᠬᠡᠷᠡᠭᠳᠡᠢ᠃ ᠨᠡᠶᠢᠭᠡᠮ ᠲᠤᠭᠤᠷᠢᠭ ᠤᠨ ᠦᠢᠯᠡᠴᠢᠯᠡᠬᠡᠨ ᠤ ᠲᠤᠰᠬᠠᠶᠢᠵᠢᠭᠰᠠᠨ ᠬᠦᠭᠵᠢᠯᠳᠡ ᠶᠢ ᠠᠬᠢᠭᠤᠯᠵᠤ᠂ ᠠᠷᠭ᠎ᠠ ᠠᠪᠴᠠᠯ ᠢᠶᠠᠨ ᠴᠢᠩᠭᠠᠳᠬᠠᠨ᠂ ᠡᠬᠢ ᠪᠠᠶᠠᠯᠢᠭ ᠢᠶᠠᠨ ᠬᠦᠢᠴᠡᠳ ᠲᠦᠪᠯᠡᠷᠡᠭᠦᠯᠦᠨ ᠠᠰᠢᠭᠯᠠᠵᠤ᠂ ᠨᠡᠶᠢᠭᠡᠮ ᠤᠨ ᠦᠢᠯᠡᠴᠢᠯᠡᠭᠡ ᠪᠠ ᠬᠠᠮᠢᠶᠠᠷᠤᠯᠳᠠ ᠳᠤ ᠲᠤᠰᠬᠠᠶᠢᠵᠢᠬᠠᠰᠠ ᠮᠡᠳᠡᠯᠭᠡ ᠮᠡᠷᠭᠡᠵᠢᠯ ᠢᠶᠠᠷ ᠦᠷ᠎ᠡ ᠪᠦᠳᠦᠮᠵᠢ ᠲᠠᠢ ᠠᠷᠭ᠎ᠠ ᠠᠪᠴᠠᠯ ᠠᠪᠴᠤ᠂ ᠰᠠᠭᠤᠭᠠᠯᠢ ᠠᠷᠠᠳ ᠲᠤ ᠲᠤᠰᠬᠠᠶᠢᠵᠢᠭᠰᠠᠨ ᠦᠢᠯᠡᠴᠢᠯᠡᠭᠡ ᠬᠠᠩᠭᠠᠵᠤ᠂ ᠨᠡᠶᠢᠭᠡᠮ ᠲᠤᠭᠤᠷᠢᠭ ᠎ ᠤᠨ ᠦᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠬᠦᠯᠬᠦ ᠬᠡᠷᠡᠭᠳᠡᠢ᠃ ᠨᠡᠶᠢᠭᠡᠮ ᠲᠤᠭᠤᠷᠢᠭ ᠤᠨ ᠵᠦᠷᠢᠴᠡᠯ ᠵᠢᠭᠤᠷᠠᠭᠠᠨ ᠢ ᠨᠠᠮᠳᠠᠭᠠᠨ ᠰᠢᠢᠳᠪᠦᠷᠢᠯᠡᠬᠦ ᠠᠵᠢᠯ ᠢ ᠰᠠᠶᠢᠳᠤᠷ ᠠᠳᠬᠤᠵᠤ᠂ ᠠᠰᠠᠭᠤᠳᠠᠯ ᠢᠯᠡᠷᠡᠪᠡᠯ ᠴᠠᠭ ᠲᠠᠷᠤᠢ ᠎ ᠳᠤᠨᠢ ᠵᠤᠬᠢᠴᠠᠭᠤᠯᠤᠨ ᠰᠢᠢᠳᠪᠦᠷᠢᠯᠡᠬᠦ ᠶᠢ ᠪᠠᠳᠤᠯᠠᠨ᠂ ᠵᠦᠷᠢᠴᠡᠯ ᠵᠢᠭᠤᠷᠠᠭᠠᠨ ᠢ ᠨᠡᠶᠢᠭᠡᠮ ᠲᠤᠭᠤᠷᠢᠭ ᠲᠤ ᠪᠠᠨ ᠰᠢᠢᠳᠪᠦᠷᠢᠯᠡᠵᠦ ᠨᠡᠶᠢᠭᠡᠮ ᠤᠨ ᠡᠶ᠎ᠡ ᠲᠤᠭᠳᠠᠭᠤᠨ ᠢ ᠠᠬᠢᠭᠤᠯᠬᠤ ᠬᠡᠷᠡᠭᠳᠡᠢ ᠬᠡᠰᠡᠨ ᠪᠠᠶᠢᠨ᠎ᠠ᠃       ᠪᠤᠤ ᠭᠦᠸᠧ ᠴᠢᠤᠸᠠᠨ ᠵᠡᠷᠭᠡ ᠤᠳᠤᠷᠢᠳᠤᠯᠭ᠎ᠠ ᠪᠠᠰᠠ ᠬᠤᠰᠢᠭᠤᠨ ᠤ ᠬᠠᠤᠯᠢ ᠴᠠᠭᠠᠵᠠ ᠶᠢᠨ ᠦᠢᠯᠡᠴᠢᠯᠡᠭᠡᠨ ᠤ ᠲᠦᠪ᠂ ᠨᠡᠶᠢᠭᠡᠮ ᠲᠤᠭᠤᠷᠢᠭ ᠤᠨ ᠬᠠᠯᠠᠨ ᠰᠠᠶᠢᠵᠢᠷᠠᠭᠤᠯᠬᠤ ᠲᠦᠪ ᠢᠶᠠᠷ ᠲᠤᠭᠤᠷᠢᠨ ᠦᠵᠡᠵᠦ᠂ ᠵᠦᠷᠢᠴᠡᠯ ᠵᠢᠭᠤᠷᠠᠭᠠᠨ ᠢ ᠨᠠᠮᠳᠠᠭᠠᠨ ᠰᠢᠢᠳᠪᠦᠷᠢᠯᠡᠬᠦ᠂ ᠬᠠᠤᠯᠢ ᠴᠠᠭᠠᠵᠠ ᠶᠢᠨ ᠲᠤᠰᠠᠯᠠᠮᠵᠢ᠂ ᠦᠢᠯᠡᠴᠢᠯᠡᠭᠡ᠂ ᠠᠷᠠᠳ ᠎ ᠤᠨ ᠵᠤᠬᠢᠴᠠᠭᠤᠯᠭ᠎ᠠ᠂ ᠠᠯᠪᠠᠨ ᠭᠡᠷᠡᠴᠢᠯᠡᠭᠡ᠂ ᠤᠨᠴᠠᠭᠠᠢ ᠬᠦᠮᠦᠨ ᠤ ᠬᠠᠮᠢᠶᠠᠷᠤᠯᠳᠠ᠂ ᠬᠠᠤᠯᠢ ᠴᠠᠭᠠᠵᠠ ᠶᠢᠨ ᠤᠬᠠᠭᠤᠯᠭ᠎ᠠ ᠵᠡᠷᠭᠡ ᠠᠵᠢᠯ ᠢ ᠨᠠᠷᠢᠯᠢᠭ ᠤᠶᠢᠯᠠᠭᠠᠭᠰᠠᠨ ᠤ ᠲᠠᠷᠠᠭ᠎ᠠ᠂ ᠮᠠᠨ ᠤ ᠬᠤᠰᠢᠭᠤᠨ ᠤ ᠲᠤᠭᠳᠠᠭᠤᠨ ᠢ ᠬᠠᠮᠠᠭᠠᠯᠠᠬᠤ ᠠᠵᠢᠯ ᠳᠤ ᠦᠨᠳᠦᠷ ᠦᠨᠡᠯᠡᠯᠳᠡ ᠦᠭᠴᠦ᠂ ᠪᠠᠷᠠᠭᠤᠨ ᠦᠵᠦᠮᠦᠴᠢᠨ ᠬᠤᠰᠢᠭᠤᠨ ᠤ ᠬᠠᠤᠯᠢ ᠴᠠᠭᠠᠵᠠ ᠎ ᠶᠢᠨ ᠠᠵᠢᠯ ᠤᠨ ᠠᠷᠭ᠎ᠠ ᠠᠪᠴᠠᠯ ᠨᠢ ᠡᠷᠴᠢᠮ ᠲᠠᠢ᠂ ᠦᠷ᠎ᠡ ᠪᠦᠳᠦᠮᠵᠢ ᠲᠤᠪᠤᠶᠢᠮ᠎ᠠ ᠪᠠᠶᠢᠵᠤ ᠤᠬᠠᠭᠤᠯᠤᠨ ᠲᠦᠭᠡᠮᠡᠯᠵᠢᠭᠦᠯᠪᠡᠯ ᠵᠤᠬᠢᠨ᠎ᠠ ᠭᠡᠯ᠎ᠡ᠃ ᠪᠤᠤ ᠭᠦᠸᠧ ᠴᠢᠤᠸᠠᠨ ᠵᠢᠭᠠᠬᠤ ᠳᠠᠭᠠᠨ᠂ ᠬᠠᠤᠯᠢ ᠴᠠᠭᠠᠵᠠ ᠶᠢᠨ ᠠᠵᠢᠯ ᠨᠢ ᠨᠡᠶᠢᠭᠡᠮ ᠤᠨ ᠲᠤᠭᠳᠠᠭᠤᠨ ᠲᠠᠢ ᠬᠤᠯᠪᠤᠭᠳᠠᠵᠤ᠂ ᠠᠵᠢᠯ ᠡᠭᠦᠷᠭᠡ ᠬᠦᠨᠳᠦ ᠶᠤᠮ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠤᠶᠢᠯᠠᠭᠠᠵᠤ᠂ ᠬᠠᠤᠯᠢ ᠴᠠᠭᠠᠵᠠ ᠶᠢᠨ ᠦᠢᠯᠡᠴᠢᠯᠡᠬᠡᠨ ᠤ ᠠᠵᠢᠯ ᠪᠠ ᠨᠡᠶᠢᠭᠡᠮ ᠲᠤᠭᠤᠷᠢᠭ ᠤᠨ ᠬᠠᠯᠠᠨ ᠰᠠᠶᠢᠵᠢᠷᠠᠭᠤᠯᠬᠤ ᠠᠵᠢᠯ ᠢ ᠰᠠᠶᠢᠳᠤᠷ ᠠᠳᠬᠤᠬᠤ ᠬᠡᠷᠡᠭᠳᠡᠢ᠃ ᠬᠠᠤᠯᠢ ᠴᠠᠭᠠᠵᠠ ᠶᠢᠨ ᠲᠤᠰᠠᠯᠠᠮᠵᠢ ᠶᠢᠨ ᠵᠠᠷᠤᠳᠠᠯ ᠰᠦᠢᠳᠬᠡᠯ ᠤᠨ ᠠᠷᠭ᠎ᠠ ᠵᠠᠮ ᠢ ᠦᠷᠭᠡᠳᠬᠡᠵᠦ᠂ ᠰᠠᠶᠢᠨ ᠲᠤᠷ᠎ᠠ ᠶᠢᠨ  ᠪᠤᠯᠤᠨ ᠲᠦᠯᠦᠪᠦᠷᠢ ᠲᠠᠢ ᠦᠢᠯᠡᠴᠢᠯᠡᠭᠡ ᠵᠡᠷᠭᠡ ᠦᠷ᠎ᠡ ᠪᠦᠳᠦᠮᠵᠢᠳᠡᠢ ᠠᠷᠭ᠎ᠠ ᠠᠪᠴᠠᠯ ᠠᠪᠴᠤ᠂ ᠬᠠᠤᠯᠢ ᠴᠠᠭᠠᠵᠠ ᠶᠢᠨ ᠲᠤᠰᠠᠯᠠᠮᠵᠢ ᠶᠢᠨ ᠠᠵᠢᠯ ᠤᠨ ᠬᠢᠷᠢ ᠲᠦᠪᠰᠢᠨ ᠢ ᠲᠡᠭᠡᠭᠰᠢᠯᠡᠬᠦᠯᠦᠨ᠂ ᠤᠯᠠᠨ ᠲᠦᠮᠡᠨ ᠳᠤ ᠨᠡᠩ ᠰᠠᠶᠢᠳᠤᠷ ᠬᠠᠤᠯᠢ ᠶᠢᠨ ᠦᠢᠯᠡᠴᠢᠯᠡᠭᠡ ᠬᠠᠩᠭᠠᠨ᠂ ᠡᠶ᠎ᠡ ᠲᠤᠭᠳᠠᠭᠤᠨ ᠨᠡᠶᠢᠭᠡᠮ ᠤᠨ ᠤᠷᠴᠢᠨ ᠢ ᠪᠠᠶᠢᠭᠤᠯᠬᠤ ᠳᠤ ᠪᠠᠳᠤᠯᠠᠭ᠎ᠠ ᠬᠠᠩᠭᠠᠬᠤ ᠬᠡᠷᠡᠭᠳᠡᠢ ᠬᠡᠰᠡᠨ ᠪᠠᠶᠢᠨ᠎ᠠ᠃       ᠪᠤᠤ ᠭᠦᠸᠧ ᠴᠢᠤᠸᠠᠨ ᠵᠡᠷᠭᠡ ᠤᠳᠤᠷᠢᠳᠤᠯᠭ᠎ᠠ ᠪᠠᠰᠠ ᠬᠤᠰᠢᠭᠤᠨ ᠤ ᠬᠤᠳᠠ ᠶᠢᠨ ᠲᠦᠯᠦᠪᠵᠢᠭᠦᠯᠭᠡ ᠶᠢᠨ ᠦᠵᠡᠭᠦᠯᠦᠯᠭᠡ ᠶᠢᠨ ᠲᠢᠩᠭᠢᠮ ᠢᠶᠠᠷ ᠲᠤᠭᠤᠷᠢᠨ ᠦᠵᠡᠵᠦ ᠮᠠᠨ ᠤ ᠬᠤᠰᠢᠭᠤᠨ ᠤ ᠬᠤᠳᠠ ᠶᠢᠨ ᠪᠦᠳᠦᠭᠡᠨ ᠪᠠᠶᠢᠭᠤᠯᠤᠯᠳᠠ ᠶᠢᠨ ᠬᠦᠭᠵᠢᠯᠳᠡ ᠶᠢᠨ ᠪᠠᠶᠢᠳᠠᠯ ᠢ ᠤᠶᠢᠯᠠᠭᠠᠵᠠᠢ᠃
 
ᠢᠷᠡᠯᠲᠡ᠄ ᠬᠤᠰᠢᠭᠤ ᠷᠠᠳᠢᠤ᠋ ᠲᠧᠯᠸᠢᠰ ᠬᠤᠷᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号