ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨ ᠤᠲᠠᠢ ᠨᠢ ᠪᠤᠷᠬᠠᠨ ᠱᠠᠰᠢᠨ ᠤ ᠵᠤᠭᠠᠴᠠᠯ ᠤᠨ ᠠᠷᠢᠭᠤᠨ | ᠲᠠᠷᠬᠠᠨ ᠤᠷᠤᠨ ᠲᠠᠪᠤᠨ ᠤᠲᠠᠢ ᠠᠭᠤᠯᠠ ᠶᠢᠨ ᠨᠢᠭᠡ ᠨᠢ ᠪᠠᠶᠢᠵᠤ᠂ ᠱᠠᠨᠰᠢ ᠳᠤ ᠪᠠᠶᠢᠭ᠎ᠠ ᠤᠲᠠᠢ ᠠᠭᠤᠯᠠ ᠲᠠᠢ | ᠠᠳᠠᠯᠢ ᠪᠠᠷ ᠠᠯᠳᠠᠷ ᠨᠡᠷ᠎ᠡ ᠪᠠᠨ ᠳᠡᠯᠡᠬᠡᠢ ᠳ᠋ᠠᠬᠢᠨ ᠳᠤ ᠳᠠᠭᠤᠷᠢᠰᠤᠭᠤᠯᠤᠭᠰᠠᠨ ᠪᠠᠶᠢᠳᠠᠭ᠃ | ᠤᠯᠠᠮᠵᠢᠯᠠᠯ ᠶᠠᠷᠢᠶᠠᠨ ᠳᠤ᠂ ᠰᠢᠷ᠎ᠠ ᠶᠢᠨ ᠱᠠᠰᠢᠨ ᠤ ᠪᠤᠷᠬᠠᠨ ᠪᠠᠭᠰᠢ ᠱᠠᠭᠵᠠᠮᠤᠨᠢ ᠶᠢᠨ ᠲᠤᠯᠤᠭᠠᠢ ᠳᠤ ᠲᠠᠪᠤᠨ | ᠦᠩᠭᠡ ᠶᠢᠨ ᠦᠰᠦ ᠪᠠᠶᠢᠵᠤ᠂ ᠬᠦᠬᠡ᠂ ᠤᠯᠠᠭᠠᠨ᠂ ᠴᠠᠭᠠᠨ᠂ ᠨᠤᠭᠤᠭᠠᠨ᠂ ᠰᠢᠷ᠎ᠠ ᠵᠡᠷᠭᠡ ᠲᠠᠪᠤᠨ ᠦᠩᠭᠡ ᠶᠢᠨ | ᠭᠡᠷᠡᠯ ᠰᠠᠴᠤᠷᠠᠳᠠᠭ᠂ ᠡᠨᠡ ᠭᠡᠷᠡᠯ ᠲᠤᠰᠤᠭᠰᠠᠨ ᠭᠠᠵᠠᠷ ᠨᠢ ᠲᠠᠪᠤᠨ ᠤᠲᠠᠢ ᠪᠦᠳᠦᠭᠰᠡᠨ ᠪᠦᠭᠡᠳ ᠤᠯᠠᠭᠠᠨ ᠦᠩᠭᠡ | ᠨᠢ ᠠᠳᠡ ᠲᠤᠰᠤᠭᠰᠠᠨ ᠪᠤᠯᠬᠤᠷ ᠡᠨᠡ ᠭᠠᠵᠠᠷ ᠢ ᠤᠯᠠᠭᠠᠨ ᠤᠲᠠᠢ ︵ᠪᠠᠷᠠᠭᠤᠨ ᠦᠵᠦᠮᠦᠴᠢᠨ ᠳᠤ ᠪᠠᠶᠢᠭ᠎ᠠ︶ ᠭᠡᠵᠤ | ᠂ ᠱᠠᠨᠰᠢ ᠳᠤ ᠪᠠᠶᠢᠭ᠎ᠠ ᠤᠲᠠᠢ ᠨᠢ ᠰᠢᠷ᠎ᠠ ᠭᠡᠷᠡᠯ ᠲᠤᠰᠤᠭᠰᠠᠨ ᠪᠤᠯᠬᠤᠷ ᠲᠡᠭᠦᠨ ᠢ ᠰᠢᠷ᠎ᠠ ᠤᠲᠠᠢ ᠭᠡᠳᠡᠭ᠃ | ᠲᠡᠤᠬᠡ ᠶᠢᠨ ᠲᠡᠮᠳᠡᠭᠯᠡᠯ ᠳᠤ᠂ ᠤᠯᠠᠭᠠᠨ ᠤᠲᠠᠢ ᠨᠢ ᠤᠳᠤ ᠠᠴᠠ 1900 ᠭᠠᠷᠤᠢ ᠵᠢᠯ ᠤᠨ ᠡᠮᠤᠨ᠎ᠡ ᠱᠠᠨᠰᠢ | ᠮᠤᠵᠢ ᠶᠢᠨ ᠰᠢᠷ᠎ᠠ ᠤᠲᠠᠢ ᠡᠭᠦᠰᠦᠭᠰᠡᠨ ᠲᠡᠷᠡ ᠴᠠᠭ ᠦᠶ᠎ᠡ ᠳᠤ ᠮᠦᠷᠭᠦᠯ ᠤᠨ ᠤᠷᠤᠨ ᠪᠤᠯᠤᠭᠰᠠᠨ ᠭᠡᠳᠡᠭ ᠪᠢᠯᠡ᠂ | ᠡᠳᠤᠭᠡ ᠤᠯᠠᠭᠠᠨᠤᠲᠠᠢ ᠨᠢ ᠤᠯᠤᠰ ᠤᠨ 4A ᠳᠡᠰ ᠤᠨ ᠵᠢᠭᠤᠯᠴᠢᠯᠠᠯ ᠤᠨ ᠤᠷᠤᠨ ᠪᠤᠯᠵᠤ᠂ ᠪᠠᠷᠠᠭᠤᠨ | ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ ᠬᠦᠭᠵᠢᠯᠲᠤ ᠭᠠᠴᠠᠭᠠᠨ ᠤ ᠬᠦᠷᠢᠶ᠎ᠡ ᠬᠡᠪᠴᠢᠶᠡᠨ ᠳᠤ | ᠪᠠᠶᠢᠷᠢᠰᠢᠵᠤ᠂ ᠵᠢᠷ ᠤᠨ ᠭᠤᠤᠯ ᠪᠠᠯᠭᠠᠰᠤᠨ ᠠᠴᠠ 25 ᠺᠢᠯᠤᠮᠧᠲᠷ ᠤᠨ ᠵᠠᠢ ᠲᠠᠢ᠂ ᠠᠶᠢᠮᠠᠭ ᠤᠨ ᠲᠦᠪ | ᠰᠢᠯᠢᠨᠬᠤᠲᠠ ᠠᠴᠠ 110 ᠺᠢᠯᠤᠮᠧᠲᠷ᠂ ᠬᠤᠰᠢᠭᠤᠨ ᠲᠦᠪ ᠪᠠᠯᠭᠠᠷᠭᠤᠤᠯ ᠪᠠᠯᠭᠠᠰᠤᠨ ᠠᠴᠠ 68 ᠺᠢᠯᠤᠮᠧᠲᠷ᠂ | ᠮᠤᠵᠢ ᠶᠢᠨ ᠳᠡᠰ ᠤᠨ ᠵᠠᠮ S307 ᠠᠴᠠ 20 ᠺᠢᠯᠤᠮᠧᠲᠷ ᠤᠨ ᠵᠠᠢ ᠳᠤ ᠤᠷᠤᠰᠢᠨ᠎ᠠ᠃ | 2006 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠠᠴᠠ ᠤᠯᠠᠭᠠᠨ ᠤᠲᠠᠢ | ᠶᠢ ᠵᠠᠰᠠᠨ ᠰᠡᠯᠪᠢᠵᠤ᠂ ︽ᠲᠡᠭᠷᠢᠯᠢᠭ ᠤᠪᠤᠭ᠎ᠠ︾᠂ ︽ᠴᠢᠩᠭᠢᠰ ᠬᠠᠭᠠᠨ ᠠᠭᠤᠳᠠᠮ ᠲᠠᠯᠠᠪᠠᠢ︾᠂ ︽ᠤᠯᠠᠭᠠᠨ | ᠤᠲᠠᠢ ᠵᠢᠨᠰᠦ᠋ᠮᠡ︾᠂ ︽ᠠᠷᠪᠠᠨ ᠵᠢᠷᠭᠤᠭᠠᠨ ᠰᠤᠪᠤᠷᠭ᠎ᠠ︾ ᠵᠢᠴᠢ ᠤᠯᠠᠨ ᠠᠷᠪᠢᠨ ᠲᠡᠤᠬᠡᠲᠤ ᠳᠤᠷᠠᠰᠬᠠᠯ ᠤᠨ | ᠵᠦᠢᠯ ᠤᠳ ᠢ ᠰᠡᠷᠭᠦᠭᠡᠨ ᠪᠠᠶᠢᠭᠤᠯᠤᠭᠰᠠᠨ ᠶᠤᠮ᠃ ᠤᠯᠠᠭᠠᠨ ᠤᠲᠠᠢ ᠨᠢ ᠵᠢᠯ ᠪᠣᠯᠭᠠᠨ ᠤ ᠪᠢᠯᠢᠭ ᠤᠨ ᠤᠯᠠᠷᠢᠯ ᠤᠨ | ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠤᠷ ᠤᠪᠤᠭᠠᠨ ᠲᠠᠬᠢᠯᠭ᠎ᠠ ᠶᠠᠪᠤᠭᠳᠠᠭᠤᠯᠵᠤ᠂ ᠲᠠᠬᠢᠯᠭ᠎ᠠ ᠶᠢᠨ ᠨᠠᠶᠢᠷ ᠲᠤ | ︽ᠡᠷ᠎ᠡ ᠶᠢᠨ ᠭᠤᠷᠪᠠᠨ ᠨᠠᠭᠠᠳᠤᠮ︾ ᠢᠶᠠᠷ ᠡᠬᠢᠯᠡᠯᠲᠡ ᠶᠢᠨ ᠬᠦᠰᠢᠭᠡ ᠪᠠᠨ ᠰᠡᠬᠦᠵᠤ᠂ ᠳᠦᠷᠪᠡᠨ ᠵᠦᠭ ᠤᠨ | ᠰᠦᠰᠦᠭᠳᠡᠨ ᠮᠦᠷᠭᠦᠯᠴᠢᠳ ᠢᠶᠠᠨ ᠤᠭᠳᠤᠨ᠂ ᠲᠤᠭᠤᠷᠢᠨ ᠵᠤᠭᠠᠴᠠᠭᠰᠠᠳ ᠢᠶᠠᠨ ᠬᠦᠯᠢᠶᠡᠨ ᠠᠪᠴᠤ ᠪᠤᠢ᠃ |