ᠶᠣᠯᠣ ᠬᠠᠶᠢᠷᠬᠠᠨ ᠦᠵᠡᠮᠵᠢ ᠶᠢᠨ ᠣᠷᠣᠨ
ᠨᠡᠶᠢᠲᠡᠯᠡᠭᠰᠡᠨ ᠴᠠᠭ᠄
2017/4/6
     ᠶᠣᠯᠣ ᠬᠠᠶᠢᠷᠬᠠᠨ ᠦᠵᠡᠮᠵᠢ ᠶᠢᠨ ᠣᠷᠣᠨ ᠨᠢ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠣ ᠶᠢᠨ ᠭᠤᠣᠯ ᠪᠠᠯᠭᠠᠰᠣ ᠶᠢᠨ ᠨᠣᠭᠤᠭᠠᠨᠪᠣᠯᠠᠭ ᠭᠠᠴᠠᠭᠠᠨ ᠤ ᠨᠣᠲᠤᠭ ᠳᠤ ᠪᠣᠢ᠃ ᠡᠷᠡᠰ ᠡᠭᠴᠡ‌ᠡᠩᠭᠡᠷ ᠲᠠᠢ ᠡᠩᠨᠡᠷᠡᠭᠰᠡᠨ ᠦᠷᠭᠡᠨ ᠬᠠᠳᠠᠨ ᠬᠢᠷ᠎ᠠ ᠲᠠᠢ ᠲᠣᠰ ᠬᠠᠶᠢᠷᠬᠠᠨ ᠳᠤ ᠣᠣᠯ ᠨᠢ ᠶᠣᠯᠣ ᠰᠢᠪᠠᠭᠤ ᠡᠭᠦᠷᠯᠡᠵᠣ ᠠᠮᠢᠳᠣᠷᠠᠳᠠᠭ ᠠᠴᠠ ᠶᠣᠯᠣ ᠬᠠᠶᠢᠷᠬᠠᠨ ᠬᠡᠮᠡᠨ ᠨᠡᠷᠡᠶᠢᠳᠣᠨ  ᠂ ᠪᠠᠰᠠ ᠴᠣ᠋  ︽ᠬᠠᠮ ᠬᠠᠶᠢᠷᠬᠠᠨ︾ ᠬᠡᠵᠣ ᠳᠠᠭᠤᠳᠠᠳᠠᠭ ᠴᠦ ᠪᠣᠢ᠃     ᠡᠷᠲᠡ ᠣᠷᠢᠲᠣ ᠶᠢᠨ ᠴᠠᠭ ᠳᠤ ᠡᠵᠡᠨ ᠴᠢᠩᠭᠡᠰ ᠬᠠᠭᠠᠨ ᠠᠵᠢᠨᠠᠢ ᠬᠦᠯᠦᠭ ᠢᠶᠠᠨ ᠡᠷᠢᠵᠤ᠂ ᠡᠨᠡᠭᠦᠷ ᠦᠡᠭᠭᠡᠷᠡᠬᠦ ᠳᠤ ᠶᠣᠯᠣ ᠬᠠᠶᠢᠷᠬᠠᠨ ᠤ ᠦᠨᠳᠣᠷ ᠰᠦᠷᠯᠢᠭ ᠪᠠᠷ᠎ᠠ ᠡᠵᠡᠨ ᠤ ᠬᠠᠷᠠᠭ᠎ᠠ ᠶᠢ ᠬᠠᠯᠬᠠᠯᠠᠭᠰᠠᠨ ᠳᠤ ᠡᠵᠡᠨ  ᠴᠢᠩᠬᠢᠰ ᠬᠠᠭᠠᠨ ᠬᠢᠯᠢᠩᠨᠡᠨ ᠡᠷᠳᠡᠨᠢᠲᠣ ᠨᠣᠮᠣ ᠪᠠᠨ ᠠᠪᠴᠤ ᠶᠣᠯᠣ ᠬᠠᠶᠢᠷᠬᠠᠨ ᠤ ᠪᠠᠷᠠᠭᠤᠨ ᠮᠦᠷᠦ ᠶᠢ ᠰᠡᠲᠡ ᠬᠠᠷᠪᠣᠭᠰᠡᠨ ᠳᠤ ᠬᠷᠪᠣᠭᠳᠡᠨ ᠭᠠᠷᠣᠭᠰᠡᠨ ᠴᠢᠯᠠᠭᠤ ᠨᠢ ᠪᠣᠷᠭᠠᠰᠣ ᠮᠣᠳᠣ ᠲᠠᠢ ᠨᠣᠮᠢᠨ ᠨᠣᠭᠤᠭᠠᠨ ᠵᠦᠯᠭᠡᠨ ᠳᠤ ᠪᠣᠲᠠᠷᠠᠨ ᠳᠣᠰᠴᠤ᠂ ᠬᠦᠢᠰᠣ ᠠᠳᠠᠯᠢ ᠪᠠᠶᠢᠷᠢᠯᠠᠭᠰᠡᠨ ᠢ ︽ᠬᠦᠢᠰᠣ ᠬᠠᠳᠠ︾ ᠬᠡᠮᠡᠨ ᠨᠡᠷᠡᠯᠡᠭᠰᠡᠨ ᠠᠵᠠᠢ᠃ ᠮᠦᠨᠴᠣ ᠡᠷᠳᠡ ᠣᠷᠢᠳᠣ ᠶᠢᠨ ᠴᠠᠭ ᠳᠤ ᠮᠠᠯᠴᠢᠨ ᠲᠦᠮᠡᠨ ᠣᠣᠭᠤᠬᠤ ᠣᠰᠣᠨ ᠳᠤ ᠭᠠᠴᠢᠭᠳᠠᠵᠣ᠂ ᠠᠭᠤᠯᠠ ᠶᠢᠨ ᠣᠷᠣᠢ ᠎ ᠶᠢ ᠰᠡᠯᠡᠮ᠎ᠡ ᠪᠠᠷ ᠳᠠᠰ ᠴᠠᠪᠴᠢᠬᠤ ᠳᠤ ᠠᠭᠤᠯᠠ ᠬᠤᠶᠠᠷ ᠬᠡᠰᠡᠭ ᠪᠣᠯᠣᠨ ᠬᠤᠪᠢᠶᠠᠭᠳᠠᠵᠤ᠂ ᠲᠡᠭᠦᠨ ᠤ ᠳᠣᠮᠳᠠᠭᠤᠷ ᠣᠷᠣᠰᠣᠨ ᠭᠠᠷᠣᠭᠰᠡᠨ ᠭᠤᠣᠯ ᠢ ᠪᠠᠯᠭᠠᠷ ᠭᠤᠣᠯ ᠤᠨ ᠡᠬᠢ ᠬᠡᠮᠡᠨ ᠬᠡᠯᠡᠯᠴᠡᠳᠡᠭ᠃ ᠵᠣᠨ ᠳᠠᠭᠠᠨ ᠶᠣᠯᠣ ᠬᠠᠶᠢᠷᠬᠠᠨ ᠎ ᠤ ᠪᠠᠷᠠᠭᠤᠨ ᠰᠣᠭᠤ ᠪᠠᠷ ᠠᠯᠳᠠᠩᠬᠸ᠎ᠠ ᠴᠡᠴᠡᠭ ᠦᠪᠴᠢ ᠪᠦᠷᠭᠦᠵᠣ᠂ ᠦᠡᠭᠭᠡ ᠶᠢᠨ ᠴᠡᠴᠡᠭ ᠢᠷᠠᠯᠵᠠᠨ ᠳᠡᠯᠭᠡᠷᠡᠨ᠎ᠡ᠃ ᠠᠭᠤᠯᠠ ᠶᠢᠨ ᠣᠷᠣᠢ ᠠᠴᠠ ᠪᠠᠷᠠᠭᠤᠨᠰᠢ ᠪᠠᠷᠠᠯᠠᠬᠤᠶ᠎ᠠ ᠪᠠᠯᠭᠠᠷ ᠭᠤᠣᠯ ︽ᠰᠣᠨᠢᠨ︾ ᠬᠡᠮᠡᠬᠦ ᠭᠠᠶᠢᠬᠠᠮᠰᠢᠭᠲᠣ ᠮᠣᠩᠭᠤᠯ ᠦᠰᠦᠭ ᠢ ᠭᠠᠵᠠᠷ ᠲᠤ ᠲᠠᠮᠠᠭᠠᠯᠡᠨ᠂ ᠬᠤᠣᠰ ᠦᠭᠡᠢ ᠦᠵᠡᠮᠵᠢ ᠶᠢ ᠪᠦᠲᠦᠭᠡᠨ ᠣᠮᠠᠷᠠᠰᠢ ᠣᠷᠣᠰᠦᠨ᠎ᠠ᠃
 
ᠢᠷᠡᠯᠲᠡ᠄ ᠬᠤᠰᠢᠭᠤ ᠵᠢᠭᠤᠯᠴᠢᠯᠠᠯ ᠤᠨ ᠤᠶᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号