ᠴᠠᠭᠠᠨ ᠬᠤᠰᠣᠨ ᠣᠢ ᠶᠢᠨ ᠦᠵᠡᠮᠵᠢ ᠶᠢᠨ ᠣᠷᠣᠨ
ᠨᠡᠶᠢᠲᠡᠯᠡᠭᠰᠡᠨ ᠴᠠᠭ᠄
2017/4/6
     ᠴᠠᠭᠠᠨ ᠬᠤᠰᠣᠨ ᠣᠢ ᠨᠢ ᠪᠠᠷᠠᠭᠤᠨ ᠦᠵᠦᠮᠦᠴᠢᠨ ᠬᠤᠰᠢᠭᠤᠨ ᠤ ᠵᠡᠭᠦᠨ ᠵᠠᠬ᠎ᠠ ᠪᠠᠷ ᠪᠠᠶᠢᠷᠢᠯᠠᠵᠤ  ᠂ ᠬᠤᠰᠢᠭᠤᠨ ᠲᠦᠪ ᠠᠴᠠ 65 ᠺᠢᠯᠤᠮᠧᠲᠷ ᠵᠠᠢ ᠲᠠᠢ᠃ ᠰᠢᠯᠢ ᠶᠢᠨ ᠭᠤᠣᠯ ᠠᠶᠢᠮᠠᠭ ᠤᠨ ᠲᠠᠪᠣᠨ ᠶᠡᠭᠡ ᠣᠯᠣᠰ ᠤᠨ ᠳᠡᠰ ᠤᠨ ᠪᠠᠶᠢᠭᠠᠯᠢᠯᠢᠭ ᠲᠠᠯ᠎ᠠ ᠨᠣᠲᠤᠭ ᠤᠨ ᠬᠠᠮᠠᠭᠠᠯᠠᠯᠲᠠ ᠶᠢᠨ ᠣᠷᠣᠨ ᠤ ᠴᠦᠮ᠎ᠡ ᠨᠢ ᠪᠠᠶᠢᠵᠣ᠂ ᠪᠦᠬᠦ ᠲᠠᠯᠠᠪᠠᠢ ᠎ ᠨᠢ 15000 ᠮᠣ᠋ ᠪᠤᠢ᠃ ᠶᠡᠭᠡ ᠭᠢᠨᠭ᠍ᠭᠠᠨ ᠳᠠᠪᠠᠭ᠎ᠠ ᠶᠢᠨ ᠲᠠᠯ᠎ᠠ ᠨᠣᠲᠤᠭ ᠤᠨ ᠪᠦᠰᠡ ᠶᠢᠨ ᠭᠤᠣᠯ ᠰᠣᠳᠠᠰᠣ ᠪᠠᠶᠢᠵᠤ᠂ ᠲᠠᠯ᠎ᠠ ᠨᠣᠲᠤᠭ ᠪᠣᠯᠦᠨ ᠣᠢ ᠰᠢᠭᠤᠢ ᠤᠨ ᠬᠤᠯᠢᠮᠠᠭ ᠪᠦᠰᠡ ᠪᠣᠯᠣᠨ᠎ᠠ᠃ ᠲᠣᠰ ᠦᠵᠡᠮᠵᠢ ᠶᠢᠨ ᠣᠷᠣᠨ ᠎ ᠤ ᠴᠠᠭᠠᠨ ᠬᠤᠰᠣ ᠮᠣᠳᠣ ᠨᠢ ᠳᠡᠭᠲᠡᠷᠯᠡᠨ ᠪᠣᠰᠣᠭᠰᠡᠨ ᠡᠯᠡᠰᠤᠨ ᠲᠣᠪᠦ ᠪᠠᠷ ᠵᠠᠯᠭᠠᠯᠳᠣᠵᠣ᠂ ᠳ᠋ᠢᠶᠠᠠ ᠭᠤᠣᠯ ᠵᠠᠬ᠎ᠠ ᠎ ᠪᠠᠷ ᠨᠢ ᠬᠠᠯᠬᠢᠯᠡᠨ ᠣᠷᠣᠰᠴᠣ ᠪᠠᠶᠢᠨ᠎ᠠ᠃ ᠦᠵᠡᠮᠵᠢ ᠶᠢᠨ ᠣᠷᠣᠨ ᠳᠤ ᠮᠣᠶᠢᠯ᠂ ᠦᠷᠡᠯ᠂ ᠣᠯᠠᠭᠠᠨ᠎ᠠ᠂ ᠭᠦᠢᠯᠡᠰᠣ ᠵᠡᠷᠭᠡ ᠬᠡᠭᠡᠷ᠎ᠡ ᠶᠢᠨ ᠵᠢᠮᠢᠰ ᠣᠷᠭᠤᠵᠣ᠂ ᠴᠠᠭᠠᠨ ᠬᠤᠰᠣ ᠮᠣᠳᠣ ᠪᠣᠯᠣᠨ ᠬᠠᠶᠢᠯᠠᠰᠤᠨ ᠮᠣᠳᠣ ᠨᠢ ᠡᠯᠡᠰᠦᠨ ᠲᠣᠪᠤ ᠶᠢ ᠢᠪ ᠪᠦᠷᠬᠦᠵᠤ᠂ ᠵᠣᠨ ᠳᠠᠭᠠᠨ ᠬᠦᠬᠡ ᠲᠡᠭᠷᠢ ᠴᠡᠯᠮᠡᠶᠢᠵᠤ᠂ ᠬᠦᠳᠡᠭᠡ ᠲᠠᠯ᠎ᠠ ᠨᠠᠯᠠᠶᠢᠵᠣ᠂ ᠠᠭᠤᠷ ᠠᠮᠢᠰᠬᠤᠯ ᠰᠡᠷᠢᠭᠦᠨ ᠲᠣᠩᠭᠠᠯᠢᠭ ᠪᠠᠶᠢᠵᠤ᠂ ᠵᠢᠭᠤᠯᠴᠢᠯᠠᠭᠴᠢ ᠶᠢᠨ ᠠᠮᠠᠷᠠᠵᠣ ᠰᠡᠯᠡᠭᠦᠴᠡᠭᠦ ᠶᠠᠪᠣᠵᠣ ᠰᠠᠭᠤᠬᠤ ᠳᠤ ᠰᠡᠷᠢᠭᠦᠨ ᠲᠠᠪᠠᠲᠠᠢ ᠵᠣᠰᠠᠭᠠᠯ ᠪᠣᠯᠣᠭᠰᠡ ᠪᠠᠶᠢᠨ᠎ᠠ᠃
 
ᠢᠷᠡᠯᠲᠡ᠄ ᠬᠤᠰᠢᠭᠤ ᠵᠢᠭᠤᠯᠴᠢᠯᠠᠯ ᠤᠨ ᠤᠶᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号