ᠭᠦᠷᠦᠭᠡᠰᠦᠲᠠᠢ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠨᠢ ᠪᠠᠷᠠᠭᠤᠨ ᠦᠵᠦᠮᠦᠴᠢᠨ ᠬᠤᠰᠢᠭᠤᠨ ᠠᠴᠠ | ᠡᠮᠤᠨᠡᠰᠢ 70 ᠺᠢᠯᠤᠮᠧᠲᠷ ᠤᠨ ᠵᠠᠢ ᠲᠠᠢ ᠠᠭᠤᠯᠠᠰ ᠤᠨ ᠳᠤᠮᠳᠠ ᠤᠷᠤᠰᠢᠵᠤ ᠪᠤᠢ᠂ ᠪᠦᠬᠦ ᠲᠠᠯᠠᠪᠠᠢ ᠨᠢ 147.63 | ᠡᠾᠧᠺᠲ᠋ᠠᠷ᠂ ᠪᠠᠭ᠎ᠠ ᠬᠢᠩᠭᠠᠨ ᠳᠠᠪᠠᠭ᠎ᠠ ᠶᠢᠨ ᠦᠵᠦᠭᠦᠷ ᠲᠤ ᠬᠠᠷᠢᠶᠠᠯᠠᠭᠳᠠᠨ᠂ ᠨᠢᠭᠡᠨᠲᠡ ᠤᠯᠤᠰ ᠤᠨ ᠳᠡᠰ ᠤᠨ | ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠢᠶᠠᠷ ᠵᠢᠭᠰᠠᠭᠠᠭᠳᠠᠭᠰᠠᠨ ᠪᠠᠶᠢᠨ᠎ᠠ᠃ ᠭᠦᠷᠦᠭᠡᠰᠦᠲᠠᠢ ᠦᠵᠡᠮᠵᠢ ᠶᠢᠨ | ᠤᠷᠤᠨ ᠤ ᠳᠦᠷᠪᠡᠨ ᠤᠯᠠᠷᠢᠯ ᠤᠨ ᠦᠵᠡᠮᠵᠢ ᠶᠢ ᠮᠠᠭᠳᠠᠭᠠᠳ ᠪᠠᠷᠠᠰᠢ ᠦᠭᠡᠢ᠂ ᠰᠦᠷᠯᠢᠭ ᠦᠨᠳᠣᠷ ᠠᠭᠤᠯᠠᠰ ᠨᠢ | ᠰᠦᠷ ᠵᠢᠪᠬᠤᠭᠠᠯᠢᠭ᠂ ᠪᠦᠷ ᠤᠨᠴᠠᠭᠠᠢ ᠦᠵᠡᠮᠵᠢ ᠪᠠᠷ ᠢᠶᠠᠨ ᠠᠯᠳᠠᠷᠰᠢᠵᠤ ᠪᠠᠶᠢᠳᠠᠭ᠃ ᠳᠠᠯᠠᠢ ᠶᠢᠨ ᠲᠦᠪᠰᠢᠨ | ᠠᠴᠠ 1957 ᠮᠧᠲᠷ ᠦᠨᠳᠦᠷ ᠪᠠᠶᠢᠵᠦ᠂ ᠭᠦᠷᠦᠭᠡᠰᠦᠲᠠᠢ ᠠᠭᠤᠯᠠ ᠪᠤᠯ ᠰᠢᠯᠢ ᠶᠢᠨ ᠭᠤᠤᠯ ᠠᠶᠢᠮᠠᠭ ᠤᠨ ᠬᠠᠮᠤᠭ | ᠤᠨ ᠦᠨᠳᠤᠷ ᠠᠭᠤᠯᠠᠨ ᠤᠷᠭᠢᠯ ᠪᠤᠯᠬᠤ ᠶᠤᠮ᠃ ᠬᠠᠮᠠᠭᠠᠯᠠᠯᠲᠠ ᠶᠢᠨ ᠤᠷᠤᠨ ᠭᠡᠳᠡᠭ ᠨᠢ ᠮᠦᠨ ᠡᠨᠡ ᠠᠭᠤᠯᠠᠨ | ᠠᠴᠠ ᠨᠡᠷᠡᠶᠢᠳᠴᠠᠢ᠃ ᠭᠦᠷᠦᠭᠡᠰᠦᠲᠠᠢ ᠪᠤᠯ ᠮᠤᠩᠭᠤᠯ ᠦᠭᠡ ᠶᠢᠨ ︽ᠪᠤᠭᠤ ᠰᠤᠭᠤ ᠲᠠᠢ ᠠᠭᠤᠯᠠ︾ ᠭᠡᠰᠡᠨ | ᠤᠳᠬ᠎ᠠ ᠲᠠᠢ᠃ ᠦᠵᠡᠮᠵᠢ ᠶᠢᠨ ᠤᠷᠤᠨ ᠳᠤ ᠠᠮᠢᠲᠠᠨ ᠠᠷᠢᠶᠠᠲᠠᠨ ᠤ ᠲᠦᠷᠣᠯ ᠵᠦᠢᠯ ᠲᠣᠩ ᠤᠯᠠᠨ ᠪᠠᠶᠢᠵᠤ᠂ | ᠤᠯᠠᠨ ᠠᠷᠪᠢᠨ ᠵᠡᠷᠯᠢᠭ ᠠᠮᠢᠲᠡᠨ ᠣᠷᠣᠩᠨᠠᠵᠣ ᠪᠠᠶᠢᠳᠠᠭ᠃ ᠠᠳᠡ 38 ᠵᠦᠢᠯ ᠤᠨ ᠬᠤᠪᠦᠷ ᠴᠣᠬᠠᠭ ᠡᠪᠡᠰᠤ | ᠤᠷᠭᠤᠮᠠᠯ ᠢᠶᠠᠷ ᠪᠦᠷᠬᠦᠭᠳᠡᠵᠦ᠂ ᠬᠤᠨ ᠭᠠᠯᠠᠭᠤ᠂ ᠭᠤᠷᠭᠤᠣᠯ᠂ ᠲᠤᠷᠤᠭ ᠪᠤᠭᠤ᠂ ᠪᠤᠷᠤ ᠭᠦᠷᠦᠭᠡᠰᠤ ᠵᠡᠷᠭᠡ | ᠠᠷᠪᠠᠨ ᠬᠡᠳᠤᠨ ᠵᠦᠢᠯ ᠤᠨ ᠠᠮᠢᠲᠠᠨ ᠠᠷᠢᠶᠠᠲᠠᠨ ᠡᠨᠡᠬᠦ ᠬᠦᠬᠡ ᠠᠭᠤᠯᠠ ᠬᠦᠬᠡᠮᠳᠡᠭ ᠲᠠᠯ᠎ᠠ ᠳᠤ ᠡᠷᠬᠡ ᠴᠢᠯᠦᠭᠡ ᠲᠠᠢ | ᠤᠷᠤᠰᠢᠨ ᠲᠤᠭᠲᠠᠨᠢᠵᠤ ᠪᠤᠢ᠃ | |