ᠴᠠᠨ᠎ᠠ ᠴᠡᠴᠡᠭ ᠤᠨ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2017/4/6
    ᠴᠠᠨ᠎ᠠ ᠴᠡᠴᠡᠭ ᠨᠢ ᠦᠵᠡᠰᠭᠦᠯᠡᠩᠲᠤ ᠰᠠᠶᠢᠬᠠᠨ ᠰᠡᠷᠭᠦᠯᠡᠩ ᠬᠠᠷᠠᠭᠠᠲᠤ ᠶᠢᠨ ᠬᠦᠬᠡᠮᠳᠡᠭ ᠨᠤᠭᠤᠭᠠᠨ ᠲᠠᠯ᠎ᠠ ᠨᠤᠲᠤᠭ ᠲᠤ ᠰᠢᠬᠢᠳᠬᠡᠭᠰᠡᠨ ᠰᠣᠪᠣᠳ ᠮᠡᠲᠣ᠃ ᠲᠡᠭᠦᠨ ᠳᠤ ᠪᠠᠰᠠ ᠨᠢᠭᠡ ᠰᠠᠶᠢᠬᠠᠨ ᠨᠡᠷ᠎ᠡ ᠪᠠᠶᠢᠳᠠᠭ᠂ ᠲᠠᠷᠤᠢ ︽ᠰᠠᠯᠤᠯᠲᠠ︾ ᠭᠡᠳᠡᠭ᠃ ᠡᠨᠡ ᠨᠢ ᠣᠯᠠᠨ ᠨᠠᠰᠣᠲᠣ ᠡᠪᠡᠰᠦᠯᠢᠭ ᠤᠷᠭᠤᠮᠠᠯ ᠤᠨ ᠲᠦᠷᠦᠯ ᠳᠤ ᠪᠠᠭᠳᠠᠨ᠎ᠠ᠃ ᠡᠳᠡᠭᠡᠷ ᠴᠠᠨ᠎ᠠ ᠴᠡᠴᠡᠭ ᠨᠢ ᠨᠢᠭᠡ ᠮᠧᠲᠷ ᠤᠷᠴᠢᠮ ᠦᠨᠳᠤᠷ ᠤᠷᠭᠤᠳᠠᠭ᠂ ᠴᠡᠴᠡᠭ ᠨᠢ ᠲᠤᠮᠤ ᠮᠦᠷᠳᠡᠭᠡᠨ ᠭᠤᠶᠤ ᠪᠠᠶᠢᠵᠦ᠂ ᠬᠠᠮᠠᠷ ᠴᠣᠷᠭᠢᠮ᠎ᠠ ᠠᠩᠭᠢᠯᠤᠮ᠎ᠠ ᠦᠨᠦᠷ ᠲᠠᠢ᠂ ᠴᠡᠴᠡᠭ ᠤᠨ ᠦᠩᠭᠡ ᠨᠢ ᠴᠠᠭᠠᠨ ᠦᠩᠭᠡ ᠪᠠᠷ ᠭᠤᠣᠯᠯᠠᠵᠦ᠂ ᠪᠠᠰᠠ ᠶᠠᠭᠠᠨ᠂ ᠤᠯᠠᠭᠠᠨ᠂ ᠣᠯᠠᠪᠢᠷ ᠵᠡᠷᠭᠡ ᠦᠩᠭᠡ ᠲᠠᠢ ᠪᠠᠶᠢᠳᠠᠭ᠃ ᠮᠠᠨ ᠤ ᠤᠯᠤᠰ ᠤᠨ ᠵᠢᠶᠠᠩᠰᠦ᠂ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠱᠠᠨᠰᠢ᠂ ᠭᠠᠨᠰᠦ ᠶᠢᠨ ᠡᠮᠤᠨᠡᠲᠤ ᠬᠡᠰᠡᠭ ᠵᠡᠷᠭᠡ ᠭᠠᠵᠠᠷ ᠤᠷᠤᠨ ᠳᠤ ᠪᠠᠶᠢᠷᠢᠯᠠᠵᠤ ᠪᠠᠶᠢᠳᠠᠭ᠃ ᠴᠠᠨ᠎ᠠ ᠴᠡᠴᠡᠭ ᠪᠤᠯ ᠲᠤᠮᠳᠠᠳᠤ ᠤᠯᠤᠰ ᠤᠨ ᠤᠯᠠᠮᠵᠢᠯᠠᠯᠲᠤ ᠨᠡᠷᠡᠲᠤ ᠴᠡᠴᠡᠭ ᠤᠨ ᠨᠢᠭᠡ ᠶᠤᠮ᠂ ᠨᠢᠭᠡᠨᠲᠡ 3000 ᠵᠢᠯ ᠤᠨ ᠲᠡᠣᠬᠡᠨ ᠲᠡᠮᠳᠡᠭᠯᠡᠯ ᠲᠠᠢ᠃ ᠤᠯᠠᠮᠵᠢᠯᠠᠯ ᠶᠠᠷᠢᠶᠠᠨ ᠳᠤ ᠮᠠᠨᠳᠠᠷᠸ᠎ᠠ ᠴᠡᠴᠡᠭ᠂ ᠴᠠᠨ᠎ᠠ ᠴᠡᠴᠡᠭ ᠨᠢ ᠪᠦᠷ ᠬᠦᠮᠦᠨ ᠤ ᠤᠷᠴᠢᠯᠠᠩ ᠲᠠᠬᠢ ᠴᠡᠴᠡᠭ ᠤᠨ ᠵᠦᠢᠯ ᠪᠢᠰᠢ᠂ ᠠᠯᠢ ᠣᠷᠢᠳᠣ ᠳᠤ ᠬᠦᠮᠦᠨ ᠤ ᠤᠷᠴᠢᠯᠠᠩ ᠳᠤ ᠬᠢᠵᠢᠭ ᠡᠪᠡᠳᠴᠢᠨ ᠳᠡᠯᠭᠡᠷᠡᠵᠣ ᠴᠡᠴᠡᠭ ᠤᠨ ᠰᠠᠬᠢᠭᠤᠯᠰᠤᠨ ᠬᠦᠮᠦᠨ ᠲᠦᠷᠤᠯᠬᠢᠲᠡᠨ ᠢ ᠠᠪᠤᠷᠠᠬᠤ ᠎ ᠶᠢᠨ ᠲᠦᠯᠦᠭᠡ᠂ ᠲᠡᠭᠷᠢ ᠡᠵᠢ ᠶᠢᠨ ᠡᠷᠳᠡᠨᠢ ᠶᠢᠨ ᠦᠷᠢᠯ ᠢ ᠬᠤᠯᠠᠭᠠᠶᠢᠯᠠᠵᠤ ᠬᠦᠮᠦᠨ ᠤ ᠤᠷᠴᠢᠯᠠᠩ ᠳᠤ ᠰᠦᠷᠴᠢᠭᠰᠡᠨ ᠪᠠᠶᠢᠨ᠎ᠠ᠃ ᠡᠴᠦᠰ ᠲᠤᠨᠢ ᠨᠢᠭᠡ ᠪᠦᠯᠦᠭ ᠨᠢ ᠮᠤᠳᠤᠯᠢᠭ ᠮᠠᠨᠳᠠᠷᠸ᠎ᠠ ᠴᠡᠴᠡᠭ ᠪᠤᠯᠤᠨ ᠬᠤᠪᠢᠷᠠᠵᠤ᠂ ᠪᠠᠰᠠ ᠨᠢᠭᠡ ᠪᠦᠯᠦᠭ ᠨᠢ ᠡᠪᠡᠰᠦᠯᠢᠭ ᠴᠠᠨ᠎ᠠ ᠴᠡᠴᠡᠭ ᠪᠤᠯᠤᠨ ᠬᠤᠪᠢᠷᠠᠵᠠᠢ᠃ ᠦᠨᠦ ᠪᠤᠯᠲᠠᠯ᠎ᠠ ᠴᠠᠨ᠎ᠠ ᠴᠡᠴᠡᠭ ᠨᠢ ᠪᠠᠰᠠ ︽ᠡᠮ︾ ᠭᠡᠰᠡᠨ ᠦᠰᠦᠭ ᠠᠭᠤᠯᠤᠭᠳᠠᠵᠤ ᠪᠤᠢ᠃ ᠮᠠᠨᠳᠠᠷᠸ᠎ᠠ ᠴᠡᠴᠡᠭ᠂ ᠴᠠᠨ᠎ᠠ ᠴᠡᠴᠡᠭ ᠤᠨ ᠨᠠᠪᠴᠢ ᠨᠠᠮᠠᠭ᠎ᠠ ᠦᠨᠳᠦᠰᠦᠯᠢᠭ ᠡᠰᠢ ᠨᠢ ᠴᠦᠮ ᠡᠮ ᠳᠤ ᠤᠷᠤᠵᠤ ᠪᠤᠯᠳᠠᠭ᠃ ᠮᠠᠨᠳᠠᠷᠸ᠎ᠠ ᠴᠡᠴᠡᠭ ᠤᠨ ᠬᠠᠯᠢᠰᠤ ᠨᠢ ᠨᠡᠷ᠎ᠡ ᠲᠦᠷᠦ ᠲᠠᠢ ᠪᠠᠶᠢᠳᠠᠭ᠂ ᠴᠠᠭᠠᠨ ᠴᠠᠨ᠎ᠠ ᠴᠡᠴᠡᠭ ᠨᠡᠩ ᠴᠤ ᠴᠢᠰᠤ ᠨᠦᠬᠦᠬᠦ ᠡᠮ ᠤᠨ ᠬᠦᠯᠦᠭ ᠪᠣᠯᠳᠠᠭ ᠶᠤᠮ᠃
 
ᠢᠷᠡᠯᠲᠡ᠄ ᠬᠤᠰᠢᠭᠤ ᠵᠢᠭᠤᠯᠴᠢᠯᠠᠯ ᠤᠨ ᠤᠶᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号