ᠴᠢᠩᠭᠢᠰ ᠬᠠᠭᠠᠨ ᠰᠡᠷᠭᠦᠯᠡᠩ ᠬᠠᠷᠠᠭᠠᠲᠤ ᠦᠵᠡᠮᠵᠢ ᠶᠢᠨ ᠤᠷᠤᠨ
ᠨᠡᠶᠢᠲᠡᠯᠡᠭᠰᠡᠨ ᠴᠠᠭ᠄
2017/4/6
      ᠴᠢᠩᠭᠢᠰ ᠬᠠᠭᠠᠨ ᠰᠡᠷᠭᠦᠯᠡᠩ ᠬᠠᠷᠠᠭᠠᠲᠤ ᠦᠵᠡᠮᠵᠢ ᠶᠢᠨ ᠤᠷᠤᠨ ᠨᠢ ᠪᠠᠯᠭᠠᠷᠭᠤᠤᠯ ᠪᠠᠯᠭᠠᠰᠤᠨ ᠠᠴᠠ ᠪᠠᠷᠠᠭᠤᠨ ᠡᠮᠦᠨᠡᠰᠢ 20 ᠺᠢᠯᠤᠮᠧᠲᠷ ᠤᠨ ᠵᠠᠢ ᠳᠤ ᠤᠷᠤᠰᠢᠵᠤ ᠪᠠᠶᠢᠨ᠎ᠠ᠂ ᠵᠡᠭᠦᠨᠰᠢ ᠪᠠᠷᠠᠭᠤᠨᠰᠢ ᠤᠷᠲᠤ ᠪᠠᠷ ᠢᠶᠠᠨ 31.5 ᠺᠢᠯᠤᠮᠧᠲᠷ ᠵᠠᠶᠢᠲᠠᠢ᠂ ᠭᠤᠤᠯ ᠦᠵᠡᠮᠵᠢ ᠶᠢᠨ ᠤᠷᠤᠨ ᠤ ᠲᠠᠯᠠᠪᠠᠢ ᠨᠢ 2 ᠲᠦᠮᠡᠨ ᠳᠡᠭᠰᠢ ᠳᠦᠷᠪᠡᠯᠵᠢᠨ ᠮᠧᠲᠷ᠂ ᠬᠠᠮᠤᠭ ᠤᠨ ᠨᠡᠶᠢᠳᠡᠯᠢᠭ ᠲᠠᠯ᠎ᠠ ᠨᠤᠲᠤᠭ ᠤᠨ ᠨᠤᠭᠤ ᠭᠠᠵᠠᠷ ᠪᠤᠯᠤᠨ᠎ᠠ᠃ ᠵᠤᠨ ᠤ ᠤᠯᠠᠷᠢᠯ ᠪᠤᠯᠬᠤ ᠪᠤᠯᠭᠠᠨ ᠳᠤ ᠨᠢᠳᠦ ᠠᠯᠳᠠᠮ᠎ᠠ ᠬᠦᠪᠡᠭᠡ ᠬᠢᠵᠠᠭᠠᠷ ᠦᠭᠡᠢ ᠲᠠᠯ᠎ᠠ ᠦᠷᠭᠦᠯᠵᠢᠯᠡᠵᠣ᠂ ᠦᠩᠭᠡ ᠪᠦᠷᠢ ᠶᠢᠨ ᠬᠤᠸᠠᠷ ᠴᠡᠴᠡᠭ ᠮᠢᠷᠠᠯᠵᠠᠨ ᠳᠡᠯᠭᠡᠷᠡᠵᠣ᠂ ᠳᠡᠪᠬᠡᠷᠡᠨ ᠪᠦᠵᠢᠭᠯᠡᠬᠦ ᠦᠩᠭᠡ ᠶᠢᠨ ᠡᠷᠪᠡᠬᠡᠢ᠂ ᠴᠢᠬᠢᠨ ᠳᠤ ᠵᠢᠩᠬᠢᠨᠡᠬᠦ ᠰᠢᠪᠠᠭᠤᠳ ᠎ ᠤᠨ ᠵᠢᠷᠭᠢᠭᠡᠨ ᠢᠶᠠᠷ ᠲᠠᠯ᠎ᠠ ᠨᠣᠲᠤᠭ ᠤᠨ ᠦᠡᠭᠭᠡ ᠠᠶᠠᠰ ᠢᠶᠠᠷ ᠪᠢᠯᠬᠠᠮ᠎ᠠ ᠪᠠᠶᠢᠳᠠᠭ᠃ ᠤᠯᠠᠮᠵᠢᠯᠠᠯ ᠶᠠᠷᠢᠶᠠᠨ ᠳᠤ ᠴᠢᠩᠭᠢᠰ ᠬᠠᠭᠠᠨ ᠡᠮᠦᠨᠡᠲᠦ ᠤᠮᠠᠷᠠᠲᠤ ᠶᠢ ᠠᠶᠠᠯᠠᠨ ᠪᠠᠶᠢᠯᠳᠤᠬᠤ ᠳᠤ᠂ ᠡᠨᠡ ᠠᠭᠤᠯᠠᠨ ᠳᠤᠤᠷ᠎ᠠ ᠴᠡᠷᠢᠭ ᠢᠶᠠᠨ ᠪᠠᠭᠤᠳᠠᠯᠯᠠᠨ ᠠᠮᠠᠷᠠᠭᠤᠯᠵᠠᠢ᠃ ᠲᠡᠭᠦᠨ ᠢ ᠰᠡᠷᠢᠬᠦ ᠳᠤ ᠦᠪᠡᠷ ᠤᠨ ᠬᠠᠮᠤᠭ ᠠᠴᠠ ᠬᠠᠶᠢᠷᠠᠲᠠᠢ ᠬᠤᠶᠠᠷ ᠬᠦᠯᠦᠭ ᠨᠢ ᠠᠯᠠᠭ᠎ᠠ ᠪᠤᠯᠤᠭᠰᠠᠨ ᠢ ᠤᠯᠵᠤ ᠮᠡᠳᠡᠵᠠᠢ᠂ ᠴᠢᠩᠭᠢᠰ ᠬᠠᠭᠠᠨ ᠲᠤᠶᠢᠯ ᠢᠶᠠᠷ ᠰᠠᠨᠳᠤᠷᠠᠨ ᠪᠠᠴᠢᠮᠳᠠᠵᠤ ᠪᠦᠭᠦᠶᠢᠯᠡ ᠬᠦᠮᠦᠰ ᠢᠶᠠᠨ ᠴᠤᠭᠯᠠᠭᠤᠯᠤᠨ᠂ ᠬᠠᠮᠲᠤ ᠪᠠᠷ ᠮᠣᠷᠢ ᠪᠠᠨ ᠡᠷᠢᠵᠠᠢ᠃ ᠭᠡᠪᠡᠴᠦ ᠬᠡᠳᠣᠢ ᠡᠷᠢᠭᠰᠡᠨ ᠪᠣᠯᠪᠠᠴᠤ ᠡᠷᠢᠵᠣ ᠣᠯᠣᠭᠰᠡᠨ ᠦᠭᠡᠢ ᠨᠠᠷᠠ ᠴᠤ ᠰᠢᠩᠭᠡᠬᠦ ᠣᠶᠢᠷᠠᠳᠣᠯ᠎ᠠ᠂ ᠶᠠᠭ ᠢᠡᠭᠭᠢᠵᠣ ᠰᠡᠳᠬᠢᠯ ᠵᠣᠪᠠᠵᠣ ᠪᠠᠶᠢᠬᠤ ᠳᠤ ᠭᠡᠨᠡᠳᠲᠡ ᠦᠨᠳᠣᠷ ᠰᠦᠷᠯᠢᠭ ᠨᠢᠭᠡᠨ ᠠᠭᠤᠯᠠ ᠴᠢᠩᠭᠢᠰ ᠤᠨ ᠨᠢᠳᠣᠨ᠎ᠡ ᠲᠣᠰᠪᠠ᠃ ᠲᠡᠷᠡ ᠦᠨᠳᠤᠷ ᠠᠭᠤᠯᠠᠨ ᠤ ᠠᠶᠤᠯ ᠲᠦᠭᠰᠢᠭᠦᠷᠢ ᠶᠢ ᠬᠠᠶᠢᠬᠤᠷᠣᠯ ᠦᠭᠡᠢ ᠬᠤᠷᠴᠠ ᠱᠠᠯᠠᠮᠠᠭᠠᠢ ᠪᠠᠷ ᠠᠭᠤᠯᠠᠨ ᠤ ᠤᠷᠤᠢ ᠳᠡᠭᠡᠷ᠎ᠡ ᠠᠪᠠᠷᠢᠨ ᠭᠠᠷᠴᠣ᠂ ᠠᠯᠤᠰ ᠢ ᠪᠠᠷᠠᠯᠠᠬᠤᠶ᠎ᠠ ᠲᠡᠭᠦᠨ ᠢ ᠰᠤᠴᠢᠨ ᠪᠠᠶᠠᠷᠯᠠᠭᠤᠯᠤᠭᠰᠠᠨ ᠢᠨᠣ ᠲᠡᠭᠦᠨ ᠤ ᠬᠤᠶᠠᠷ ᠬᠦᠯᠦᠭ ᠠᠶᠠᠲᠠᠢ ᠲᠠᠭᠠᠲᠠᠢ ᠡᠪᠡᠰᠦ ᠵᠣᠯᠭᠠᠵᠣ ᠪᠠᠶᠢᠬᠤ ᠶᠢ ᠤᠯᠵᠤ ᠬᠠᠷᠠᠪᠠ᠂ ᠦᠳᠡᠰᠢ ᠶᠢᠨ ᠣᠯᠡᠪᠢᠷ ᠲᠤᠶᠠᠭ᠎ᠠ ᠡᠨᠡᠬᠦ ᠲᠠᠯ᠎ᠠ ᠨᠤᠲᠤᠭ ᠢ ᠭᠡᠷᠡᠯ ᠎ ᠢᠶᠠᠷ ᠢᠶᠠᠨ ᠴᠢᠮᠡᠵᠣ᠂ ᠴᠢᠩᠭᠢᠰ ᠬᠠᠭᠠᠨ ᠪᠠᠶᠠᠰᠤᠩᠭᠤᠢ ᠪᠠᠷ ᠬᠡᠯᠡᠭᠰᠡᠨ ᠢᠨᠣ ︽ᠡᠨᠡ ᠠᠭᠤᠯᠠ ᠶᠢ ᠰᠡᠷᠭᠦᠯᠡᠩ ᠬᠠᠷᠠᠭᠠᠲᠤ ᠭᠡᠵᠤ ᠨᠡᠷᠡᠶᠢᠳᠣᠶ᠎ᠠ︾ ᠬᠡᠮᠡᠪᠠ᠃ ᠡᠶᠢᠨᠬᠦ ᠬᠦᠮᠦᠰ ᠨᠢᠭᠡᠨ ᠦᠶ᠎ᠡ ᠶᠢᠨ ᠲᠡᠭᠷᠢᠯᠢᠭ ᠭᠦᠪᠡᠬᠦᠨ ᠴᠢᠩᠭᠢᠰ ᠬᠠᠭᠠᠨ ᠢ ᠳᠤᠷᠠᠰᠤᠨ ᠰᠠᠨᠠᠭᠠᠯᠵᠠᠬᠤ ᠶᠢᠨ ᠲᠤᠰᠠᠳᠠ ᠡᠨᠡ ᠠᠭᠤᠯᠠ ᠶᠢ ︽ᠰᠡᠷᠭᠦᠯᠡᠩ ᠬᠠᠷᠠᠭᠠᠲᠤ︾ ᠭᠡᠵᠤ ᠨᠡᠷᠡᠯᠡᠪᠡ
 
ᠢᠷᠡᠯᠲᠡ᠄ ᠬᠤᠰᠢᠭᠤ ᠵᠢᠭᠤᠯᠴᠢᠯᠠᠯ ᠤᠨ ᠤᠶᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号