ᠤᠯᠠᠭᠠᠨ ᠤᠲᠠᠢ ᠶᠢᠨ ᠵᠢᠭᠤᠯᠴᠢᠯᠠᠯ ᠤᠨ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2017/3/9
    ᠤᠯᠠᠭᠠᠨ ᠤᠲᠠᠢ ᠶᠢᠨ ᠠᠭᠤᠯᠠ ᠨᠢ ᠲᠡᠦᠬᠡᠨ ᠳᠡᠭᠡᠷᠡᠬᠢ  ︽ᠲᠠᠪᠤᠨ ᠤᠲᠠᠢ  ᠠᠭᠤᠯᠠ︾ ᠶᠢᠨ ᠨᠢᠭᠡ ᠨᠢ ᠪᠠᠶᠢᠵᠤ᠂ ᠱᠠᠨᠰᠢ ᠳᠤ ᠪᠠᠶᠢᠭ᠎ᠠ ᠤᠲᠠᠢ ᠠᠭᠤᠯᠠ ᠲᠠᠢ ᠠᠳᠠᠯᠢ ᠪᠠᠷ ᠠᠯᠳᠠᠷ ᠨᠡᠷ᠎ᠡ ᠪᠠᠨ ᠳᠡᠯᠡᠬᠡᠢ ᠳ᠋ᠠᠬᠢᠨ ᠳᠤ ᠳᠠᠭᠤᠷᠢᠰᠤᠭᠤᠯᠤᠭᠰᠠᠨ ᠪᠠᠶᠢᠳᠠᠭ᠃     ᠤᠯᠠᠮᠵᠢᠯᠠᠯ ᠶᠠᠷᠢᠶᠠᠨ ᠳᠤ᠂ ᠰᠢᠷ᠎ᠠ ᠶᠢᠨ ᠱᠠᠰᠢᠨ ᠤ ᠪᠤᠷᠬᠠᠨ ᠪᠠᠭᠰᠢ ᠱᠠᠭᠵᠠᠮᠤᠨᠢ ᠶᠢᠨ ᠲᠣᠯᠣᠭᠠᠢ ᠶᠢᠨ ᠦᠰᠦᠨ ᠠᠴᠠ ᠲᠠᠪᠤᠨ ᠦᠩᠭᠡ ᠶᠢᠨ ᠭᠡᠷᠡᠯ ᠰᠠᠴᠤᠷᠠᠬᠤ ᠳᠤ᠂ ᠭᠡᠷᠡᠯ ᠳᠣᠰᠤᠭᠰᠠᠨ ᠭᠠᠵᠠᠷ ᠨᠢ ᠲᠠᠪᠤᠨ ᠤᠲᠠᠢ ᠪᠦᠲᠦᠭᠰᠡᠨ ᠪᠦᠭᠡᠳ ᠤᠯᠠᠭᠠᠨ ᠦᠩᠭᠡ ᠨᠢ ᠠᠳᠡ ᠲᠤᠰᠤᠭᠰᠠᠨ ᠪᠣᠯᠬᠤᠷ ᠡᠨᠡ ᠭᠠᠵᠠᠷ ᠢ ᠤᠯᠠᠭᠠᠨ ᠤᠲᠠᠢ ᠭᠡᠵᠦ᠂ ᠱᠠᠨᠰᠢ ᠳᠤ ᠪᠠᠶᠢᠭ᠎ᠠ ᠤᠲᠠᠢ ᠨᠢ ᠰᠢᠷ᠎ᠠ ᠭᠡᠷᠡᠯ ᠲᠤᠰᠤᠭᠰᠠᠨ ᠭᠠᠵᠠᠷ ᠪᠣᠯᠬᠤᠷ ᠲᠡᠭᠦᠨ ᠢ ᠰᠢᠷ᠎ᠠ ᠤᠲᠠᠢ ᠭᠡᠳᠡᠭ ᠠᠵᠢ᠃       ᠲᠡᠤᠭᠡ ᠶᠢᠨ ᠲᠡᠮᠳᠡᠭᠯᠡᠯ ᠳᠤ᠂ ᠤᠯᠠᠭᠠᠨ ᠤᠲᠠᠢ ᠶᠢ ᠣᠳᠣ ᠠᠴᠠ 1900 ᠭᠠᠷᠤᠢ ᠵᠢᠯ ᠤᠨ ᠡᠮᠤᠨ᠎ᠠ ᠱᠠᠨᠰᠢ ᠮᠤᠵᠢ ᠶᠢᠨ ᠰᠢᠷ᠎ᠠ ᠤᠲᠠᠢ ᠡᠭᠦᠰᠦᠭᠰᠡᠨ ᠲᠡᠷᠡ ᠴᠠᠭ ᠦᠶ᠎ᠠ ᠳᠤ ᠮᠦᠷᠭᠦᠯ ᠤᠨ ᠤᠷᠤᠨ ᠪᠤᠯᠤᠬᠰᠡᠨ ᠭᠡᠳᠡᠭ ᠪᠢᠯᠠ᠃     ᠤᠯᠠᠭᠠᠨ ᠤᠲᠠᠢ ᠨᠢ ᠵᠢᠷ ᠤᠨ ᠭᠤᠣᠯ ᠪᠠᠯᠭᠠᠰᠤᠨ ᠠᠴᠠ 25 ᠺᠢᠯᠤᠮᠧᠲᠷ ᠤᠨ ᠵᠠᠢ ᠳᠤ᠂ ᠠᠶᠢᠮᠠᠭ ᠤᠨ ᠲᠦᠪ ᠰᠢᠯᠢ ᠶᠢᠨ ᠬᠤᠲᠠ ᠠᠴᠠ 110 ᠺᠢᠯᠤᠮᠧᠲᠷ ᠤᠨ ᠵᠠᠢ ᠳᠤ᠂ ᠬᠤᠰᠢᠭᠤᠨ ᠲᠦᠪ ᠪᠠᠯᠭᠠᠷᠭᠤᠣᠯ ᠪᠠᠯᠭᠠᠰᠤᠨ ᠠᠴᠠ 68 ᠺᠢᠯᠤᠮᠧᠲᠷ ᠤᠨ ᠵᠠᠢ ᠳᠤ᠂ ᠮᠣᠵᠢ ᠶᠢᠨ ᠳᠡᠰ ᠤᠨ ᠵᠠᠮ S307 ᠠᠴᠠ 20 ᠺᠢᠯᠤᠮᠧᠲᠷ ᠤᠨ ᠵᠠᠢ ᠳᠤ ᠣᠷᠣᠰᠢᠨ᠎ᠠ᠃     2006 ᠣᠨ ᠳᠤ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠠᠴᠠ ᠤᠯᠠᠭᠠᠨ ᠤᠲᠠᠢ ᠶᠢ ᠵᠠᠰᠠᠨ ᠰᠡᠯᠪᠢᠵᠤ᠂ ︽ᠲᠡᠭᠷᠢᠯᠢᠭ ᠣᠪᠤᠭ᠎ᠠ᠂ ᠴᠢᠩᠭᠢᠰ ᠬᠠᠭᠠᠨ ᠠᠭᠤᠳᠠᠮ ᠲᠠᠯᠠᠪᠠᠢ᠂ ᠤᠯᠠᠭᠠᠨ ᠤᠲᠠᠢ ᠶᠢᠨ ᠰᠦᠮ᠎ᠡ᠂ ᠠᠷᠪᠠᠨ ᠵᠢᠷᠭᠤᠭᠠᠨ ᠰᠤᠪᠤᠷᠭ᠎ᠠ ᠵᠢᠴᠢ ᠣᠯᠠᠨ ᠠᠷᠪᠢᠨ ᠲᠡᠦᠬᠡᠲᠦ ᠳᠤᠷᠠᠰᠬᠠᠯ ᠵᠦᠢᠯ︾ ᠤᠳ ᠢ ᠰᠡᠷᠭᠦᠭᠡᠨ ᠴᠣᠭᠴᠠᠯᠠᠭᠰᠠᠨ ᠶᠤᠮ᠃     ᠦᠨᠦ ᠶᠢᠨ ᠤᠯᠠᠭᠠᠨ ᠤᠲᠠᠢ ᠨᠢ ᠡᠮᠦᠨᠡᠲᠦ ᠣᠷᠣᠨ ᠪᠣᠯᠣᠨ ᠬᠤᠶᠢᠲᠤ ᠣᠷᠣᠨ ᠬᠡᠮᠡᠬᠦ ᠬᠤᠶᠠᠷ ᠬᠡᠰᠡᠭ ᠠᠴᠠ ᠪᠦᠷᠢᠯᠳᠦᠵᠦ᠂ ᠬᠤᠶᠢᠲᠦ ᠣᠷᠣᠨ ᠨᠢ ᠪᠠᠯᠳᠠᠨᠯᠾᠠᠮᠤ᠂ ᠮᠠᠨᠽᠤᠰᠢᠷᠢ᠂ ᠭᠤᠮᠪᠤ ᠵᠡᠷᠭᠡ ᠪᠤᠷᠬᠠᠨ ᠪᠣᠳᠢᠰᠡᠳ᠋ᠸ᠎ᠠ ᠣᠷᠣᠰᠢᠭᠰᠠᠨ ᠠᠷᠢᠭᠤᠨ ᠲᠠᠭᠰᠢᠨ ᠣᠷᠣᠨ ᠪᠠᠶᠢᠵᠦ᠂ ᠠᠳᠡ ︽ᠡᠬᠡ ᠶᠢᠨ ᠠᠭᠤᠢ᠂ ᠠᠯᠲᠠᠨ ᠮᠡᠯᠡᠬᠡᠢ ᠶᠢᠨ ᠰᠢᠷᠭᠤᠭᠤᠯᠢ᠂ ᠲᠠᠮᠤ ᠶᠢᠨ ᠵᠠᠮ᠂ ᠭᠠᠨᠵᠤᠤᠷ ᠬᠠᠳᠠ᠂ ᠯᠾᠠᠮᠤ ᠡᠵᠢ ᠶᠢᠨ ᠦᠯᠮᠡᠢ ᠶᠢᠨ ᠮᠦᠷ᠂ ᠰᠡᠨᠵᠢ ᠬᠠᠳᠠ᠂ ᠪᠦᠷᠭᠦᠳ ᠤᠨ ᠬᠤᠰᠢᠭᠤ᠂ ᠴᠢᠩᠭᠢᠰ ᠬᠠᠭᠠᠨ ᠤ ᠰᠠᠭᠤᠳᠠᠯ᠂ ᠴᠢᠩᠭᠢᠰ ᠤᠨ ᠭᠡᠷ ᠤᠨ ᠪᠠᠭᠤᠴᠠ᠂ ᠴᠢᠩᠭᠢᠰ ᠤᠨ ᠬᠦᠯᠦᠭ ᠤᠨ ᠮᠦᠷ᠂ ᠴᠢᠩᠭᠢᠰ ᠤᠨ ᠤᠨᠠᠭᠠᠨ ᠵᠡᠯ᠎ᠡ᠂ ᠦᠷ᠎ᠡ ᠶᠢᠨ ᠬᠤᠲᠤᠭ ᠢᠪᠡᠭᠡᠭᠴᠢ ᠬᠠᠳ᠋ᠨ᠂ ᠰᠦᠮ᠎ᠡ ᠳᠤᠭᠠᠩ ᠵᠡᠷᠭᠡ ᠮᠠᠰᠢ ᠣᠯᠠᠨ ᠰᠣᠶᠣᠯ ᠤᠨ ᠦᠪ ᠤᠳ ᠪᠠᠶᠢᠳᠠᠭ᠃     ᠬᠤᠶᠢᠲᠦ ᠣᠷᠣᠨ ᠤ ᠭᠤᠣᠯ ᠦᠵᠡᠮᠵᠢ ᠨᠦᠭᠦᠳ ᠤᠨ ᠨᠢᠭᠡᠨ ᠪᠣᠯᠬᠤ ᠴᠢᠩᠭᠢᠰ ᠬᠠᠭᠠᠨ ᠠᠭᠤᠳᠠᠮ ᠲᠠᠯᠠᠪᠠᠢ  ᠶᠢ 2013 ᠣᠨ ᠳᠤ ᠪᠠᠶᠢᠭᠤᠯᠵᠤ᠂ ᠪᠦᠬᠦ ᠲᠠᠯᠠᠪᠠᠢ ᠨᠢ 5000 ᠲᠡᠭᠰᠢ ᠳᠦᠷᠪᠡᠯᠵᠢᠨ ᠮᠧᠲᠷ ᠪᠦᠭᠡᠳ ᠴᠢᠩᠭᠢᠰ  ᠤᠨ ᠱᠣᠭᠤᠮᠠᠯ ᠤᠨ ᠦᠨᠳᠦᠷ ᠨᠢ 18 ᠮᠧᠲᠷ᠂ ᠦᠷᠭᠡᠨ ᠨᠢ 7 ᠮᠧᠲᠷ ᠪᠠᠶᠢᠳᠠᠭ᠃     ᠡᠮᠦᠨᠡᠲᠦ ᠣᠷᠣᠨ ᠨᠢ ᠮᠢᠩᠭ᠎ᠠ ᠪᠦᠭᠡᠳ ᠨᠠᠶᠠᠨ ᠱᠠᠲᠦ ᠲᠠᠢ ᠬᠡᠶᠢᠮᠤᠷᠢ ᠶᠢᠨ ᠠᠯᠲᠠᠨ ᠣᠪᠣᠭ᠎ᠠ ᠪᠣᠯᠣᠨ ᠬᠠᠷ᠎ᠠ ᠯᠤᠤᠰ ᠤᠨ ᠬᠠᠭᠠᠨ ᠵᠡᠷᠭᠡ ᠵᠢᠭᠤᠯᠴᠢᠯᠠᠯ ᠤᠨ ᠭᠤᠶᠣ ᠭᠤᠶᠣ ᠦᠵᠡᠮᠵᠢ ᠨᠦᠭᠦᠳ ᠲᠠᠢ᠃         ᠬᠤᠶᠢᠲᠦ ᠣᠷᠣᠨ     1. ᠤᠯᠠᠭᠠᠨ ᠤᠲᠠᠢ ᠶᠢᠨ ᠰᠦᠮ᠎ᠡ     ᠯᠦᠸᠧᠩᠵᠢᠯᠪᠤ ᠪᠤᠷᠬᠠᠨ᠂ ᠰᠡᠩᠭᠡᠵᠢᠶ᠎ᠠ ᠪᠤᠷᠬᠠᠨ᠂ ᠪᠠᠯᠳᠠᠨᠯᠾᠠᠮᠤ ᠪᠤᠷᠬᠠᠨ ᠵᠡᠷᠭᠡ ᠭᠤᠷᠪᠠᠨ ᠰᠢᠲᠦᠭᠡᠨ ᠲᠠᠢ᠃     2. ᠴᠢᠩᠭᠢᠰ ᠬᠠᠭᠠᠨ ᠠᠭᠤᠳᠠᠮ ᠲᠠᠯᠠᠪᠠᠢ      ᠴᠢᠩᠭᠢᠰ ᠬᠠᠭᠠᠨ ᠠᠭᠤᠳᠠᠮ ᠲᠠᠯᠠᠪᠠᠢ ᠶᠢ 2013 ᠣᠨ ᠳᠤ ᠪᠠᠶᠢᠭᠤᠯᠵᠤ᠂ ᠪᠦᠬᠦ ᠲᠠᠯᠠᠪᠠᠢ ᠨᠢ 5000 ᠲᠡᠭᠰᠢ ᠳᠦᠷᠪᠡᠯᠵᠢᠨ ᠮᠧᠲᠷ ᠪᠦᠭᠡᠳ ᠴᠢᠩᠭᠢᠰ ᠤᠨ ᠱᠣᠭᠤᠮᠠᠯ ᠤᠨ ᠦᠨᠳᠦᠷ ᠨᠢ 18 ᠮᠧᠲᠷ᠂ ᠦᠷᠭᠡᠨ ᠨᠢ 7 ᠮᠧᠲᠷ ᠪᠠᠶᠢᠳᠠᠭ᠃     3.ᠳᠡᠭᠷᠢᠯᠢᠭ ᠤᠪᠤᠭ᠎ᠠ      ᠳᠡᠭᠷᠢᠯᠢᠭ ᠤᠪᠤᠭ᠎ᠠ ᠶᠢᠨ ᠰᠠᠭᠤᠷᠢ ᠶᠢᠨ ᠳ᠋ᠢᠶᠠᠮᠧᠲᠷ ᠨᠢ 13 ᠮᠧᠲᠷ᠂ ᠣᠪᠣᠭ᠎ᠠ ᠵᠢᠨ‌ᠦᠨᠳᠤᠷ ᠨᠢ 13 ᠮᠧᠲᠷ ᠪᠤᠯᠬᠤ ᠪᠦᠭᠡᠳ ᠲᠡᠭᠦᠨ ᠢ ᠴᠠᠪᠴᠢᠮᠠᠯ ᠣᠷᠭᠤᠭ᠎ᠠ ᠴᠢᠯᠠᠭᠤ ᠪᠠᠷ ᠵᠡᠷᠭᠡᠯᠡᠨ ᠪᠣᠰᠬᠠᠵᠤ᠂ ᠬᠠᠮᠤᠭ ᠳᠣᠣᠷ᠎ᠡ ᠰᠠᠭᠤᠷᠢ ᠶᠢᠨ ᠵᠢᠷᠤᠭ ᠢ ᠮᠣᠩᠭᠤᠯ ᠦᠨᠳᠦᠰᠦᠲᠠᠨ ᠤ ᠠᠮᠢᠳᠤᠷᠠᠯ ᠤᠨ ᠲᠤᠬᠠᠢ ᠵᠢᠷᠤᠭ ᠨᠤᠭᠤᠳ᠂ ᠵᠢᠱᠢᠶᠡᠯᠡᠪᠡᠯ ᠲᠠᠪᠤᠨ ᠬᠤᠰᠢᠭᠤ ᠮᠠᠯ ᠤᠨ ᠵᠢᠷᠤᠭ᠂ ᠪᠦᠬᠡ ᠪᠠᠷᠢᠯᠳᠤᠵᠤ ᠪᠠᠶᠢᠭ᠎ᠠ ᠵᠢᠷᠤᠭ᠂ ᠪᠦᠵᠢᠭ ᠪᠦᠵᠢᠭᠯᠡᠵᠤ ᠪᠠᠶᠢᠭ᠎ᠠ ᠵᠢᠷᠤᠭ ᠭᠡᠬᠦ ᠮᠡᠲᠦ᠃ ᠬᠤᠶᠠᠳᠤᠭᠠᠷ ᠦᠶ᠎ᠡ ᠳᠡᠭᠡᠷᠡᠬᠢ ᠨᠢ ᠪᠣᠯ ᠮᠣᠩᠭᠤᠯ ᠵᠢᠷᠤᠭ ᠤᠳ᠂ ᠭᠤᠷᠪᠠᠳᠤᠭᠠᠷ ᠦᠶ᠎ᠡ ᠳᠡᠭᠡᠷᠡᠬᠢ  ᠨᠢ ᠪᠣᠯ ᠠᠷᠪᠠᠨ ᠬᠤᠶᠠᠷ ᠵᠢᠯ᠂ ᠳᠦᠷᠪᠡᠳᠦᠭᠡᠷ ᠦᠶ᠎ᠡ ᠳᠡᠭᠡᠷᠡᠬᠢ ᠨᠢ ᠪᠣᠯ ᠳᠦᠷᠪᠡᠨ ᠬᠦᠴᠦᠲᠡᠨ ᠨᠠᠢᠮᠠᠨ ᠲᠠᠬᠢᠯ ᠬᠡᠬᠦ ᠮᠡᠲᠦ ᠪᠠᠷ ᠤᠷᠠᠯᠠᠨ ᠪᠦᠲᠦᠭᠡᠭᠰᠡᠨ ᠪᠢᠯᠠ᠃      ᠵᠢᠯ ᠪᠦᠷᠢ ᠶᠠᠪᠤᠬᠳᠠᠳᠠᠭ ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠵᠢᠭᠤᠯᠴᠢᠯᠠ᠊ ᠤᠨ ᠨᠠᠶᠢᠷ ᠨᠢ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠬᠤᠷᠢᠨ ᠵᠢᠷᠭᠤᠭᠠᠨ ᠤ ᠡᠳᠦᠷ  ᠶᠠᠪᠤᠬᠳᠠᠬᠤ ᠳᠠᠭᠠᠨ᠂ ᠤᠯᠠᠭᠠᠨ ᠤᠲᠠᠢ ᠶᠢᠨ ᠲᠡᠭᠷᠢᠯᠢᠭ ᠤᠪᠤᠭ᠎ᠠ ᠶᠢᠨ ᠲᠠᠭᠢᠯᠭ᠎ᠠ ᠶᠢᠨ ᠨᠠᠶᠢᠷ ᠤᠨ ︽ᠡᠷ᠎ᠠ ᠶᠢᠨ ᠭᠤᠷᠪᠠᠨ ᠨᠠᠭᠠᠳᠤᠮ︾ ᠢᠶᠠᠷ ᠡᠭᠢᠯᠡᠯᠳᠡ ᠶᠢᠨ ᠭᠦᠰᠢᠭᠡ ᠪᠠᠨ ᠰᠡᠭᠦᠵᠤ᠂ ᠲᠦᠷᠪᠡᠨ ᠵᠦᠭ ᠤᠨ ᠰᠦᠰᠦᠭᠳᠡᠨ ᠮᠦᠷᠭᠦᠯᠴᠢᠳ ᠢᠶᠠᠨ ᠤᠬᠳᠤᠨ᠂ ᠲᠤᠭᠤᠷᠢᠨ ᠵᠤᠭᠠᠴᠠᠬᠰᠠᠳ ᠢᠶᠠᠨ ᠭᠦᠯᠢᠶᠡᠨ ᠠᠪᠴᠤ ᠪᠤᠢ᠃       4.ᠡᠬᠡ ᠶᠢᠨ ᠠᠭᠤᠢ ᠶᠢᠨ ᠰᠢᠷᠭᠤᠭᠤᠯᠢ     ᠡᠭᠡ ᠶᠢᠨ ᠠᠭᠤᠢ ᠶᠢᠨ ᠰᠢᠷᠭᠤᠭᠤᠯᠢ ᠪᠤᠯ ᠡᠭᠡ ᠶᠢᠨ ᠬᠡᠪᠡᠯᠢ ᠰᠢᠭ ᠬᠠᠳᠠᠨ ᠰᠢᠷᠭᠤᠭᠤᠯᠢ ᠪᠠᠶᠢᠵᠤ᠂ ᠡᠨᠡ ᠰᠢᠷᠭᠤᠭᠤᠯᠢ ᠳᠤ ᠰᠢᠷᠭᠤᠬᠤ ᠶᠢᠨ ᠵᠤᠷᠢᠯᠭ᠎ᠠ ᠨᠢ ᠲᠦᠷᠦᠭᠦ ᠳᠡᠭᠡᠨ ᠡᠭᠡ ᠪᠠᠨ ᠵᠤᠪᠠᠭᠠᠬᠰᠡᠨ ᠨᠢᠭᠦᠯ ᠢᠶᠠᠨ ᠠᠷᠢᠯᠭᠠᠬᠤ ᠶᠢᠨ ᠲᠦᠯᠦᠭᠡ ᠭᠡᠳᠡᠭ᠃     5.ᠦᠷ᠎ᠡ ᠶᠢᠨ ᠬᠤᠲᠤᠭ ᠢᠪᠡᠭᠡᠭᠴᠢ ᠬᠠᠳ᠋ᠨ     ᠦᠷ᠎ᠠ ᠬᠡᠤᠬᠡᠳ ᠦᠭᠡᠢ ᠭᠦᠮᠦᠰ ᠦᠷ᠎ᠠ ᠬᠡᠤᠬᠡᠳ ᠭᠤᠶᠤᠬᠤ ᠪᠤᠶᠤ ᠬᠤᠳᠤᠭ ᠭᠤᠶᠤᠬᠤ ᠵᠡᠷᠭᠡ ᠮᠦᠷᠭᠦᠯ ᠬᠢᠳᠡᠭ᠃ ᠤᠤᠯ ᠳᠠᠭᠠᠨ ᠬᠠᠳᠠᠨ ᠵᠠᠪᠰᠠᠷ ᠲᠤᠨᠢ ᠬᠡᠤᠬᠡᠳ ᠤᠨ ᠵᠦᠢᠯ ᠪᠦᠷᠢ ᠶᠢᠨ ᠨᠠᠭᠠᠳᠤᠮ ᠪᠠᠶᠢᠬᠰᠡᠨ ᠪᠦᠭᠡᠳ ᠲᠡᠳᠡᠭᠡᠷ ᠨᠢ ᠪᠦᠷ ᠴᠢᠯᠠᠭᠤᠨ ᠨᠠᠭᠠᠳᠤᠮ ᠪᠠᠶᠢᠭᠰᠠᠨ ᠭᠡᠳᠡᠭ᠃         6.ᠠᠯᠲᠠᠨ ᠮᠡᠯᠡᠬᠡᠢ ᠶᠢᠨ ᠰᠢᠷᠭᠤᠭᠤᠯᠢ     ᠡᠨᠡᠬᠦ ᠶᠠᠰᠤᠳᠤ ᠮᠡᠯᠡᠭᠡᠢ ᠶᠢᠨ ᠬᠡᠯᠪᠡᠷᠢ ᠲᠠᠢ ᠬᠠᠳᠠᠨ ᠰᠢᠷᠭᠤᠭᠤᠯᠢ ᠨᠢ  ᠨᠢᠭᠡ ᠯᠡ ᠭᠦᠮᠦᠨ ᠰᠢᠷᠭᠤᠵᠤ ᠪᠠᠭᠳᠠᠬᠤ ᠵᠢᠵᠢᠭ ᠠᠭᠤᠢ ᠪᠠᠶᠢᠨ᠎ᠠ᠃ ᠡᠭᠢᠯᠡᠵᠤ ᠰᠢᠷᠭᠤᠬᠤ ᠳᠤ ᠬᠡᠪ ᠤᠨ ᠪᠠᠶᠢᠳᠠᠯ ᠲᠠᠢ ᠪᠤᠯᠪᠠᠴᠤ᠂ ᠠᠭᠤᠢ ᠶᠢᠨ ᠤᠭ ᠲᠤ ᠭᠦᠷᠭᠦ ᠳᠤ ᠠᠮᠢᠰᠬᠤᠭ᠎ᠠ ᠲᠠᠪᠬᠤᠴᠠᠨ ᠮᠠᠰᠢ ᠠᠶᠤᠮᠰᠢᠬᠲᠠᠢ ᠰᠠᠨᠠᠬᠳᠠᠳᠠᠭ᠃ ᠠᠯᠳᠠᠨ ᠮᠡᠯᠡᠭᠡᠢ ᠨᠢ  ᠶᠢᠷᠳᠢᠨᠴᠤ ᠶᠢᠨ ᠲᠦᠮᠡᠨ ᠪᠤᠳᠠᠰ ᠤᠨ ᠡᠭᠢ ᠡᠭᠦᠰᠦᠯ ᠪᠠ ᠲᠠᠪᠤᠨ ᠮᠠᠬᠠᠪᠤᠳ ᠤᠨ ᠤᠭ ᠦᠨᠳᠤᠰᠤ ᠲᠠᠢ ᠬᠤᠯᠪᠣᠭ᠎ᠠ  ᠲᠠᠢ ᠭᠡᠳᠡᠭ ᠠᠴᠠ ᠪᠠᠨ ᠪᠣᠯᠵᠤ᠂ ᠭᠦᠮᠦᠰ ᠤᠨ ᠬᠡᠢ ᠭᠦᠰᠡᠯ᠂ ᠰᠢᠳᠤᠯᠭᠡ ᠪᠢᠰᠢᠷᠠᠯ ᠳᠤ ᠭᠦᠨ ᠨᠦᠯᠦᠭᠡᠯᠡᠭᠰᠡᠨ ᠪᠠᠶᠢᠳᠠᠭ ᠪᠢᠯᠠ᠃     7.ᠭᠤᠮᠪᠤ ᠪᠤᠷᠬᠠᠨ ᠤ ᠵᠢᠷᠤᠭ     ᠭᠤᠮᠪᠤ ᠪᠤᠷᠬᠠᠨ ᠪᠣᠯ ᠡᠷᠳᠡᠮ ᠨᠣᠮ ᠲᠡᠭᠦᠰ ᠪᠦᠷᠢᠳᠦᠭᠰᠡᠨ ᠪᠤᠷᠬᠠᠨ ᠪᠣᠯᠣᠨ᠎ᠠ᠃ ᠭᠤᠮᠪᠤ ᠪᠤᠷᠬᠠᠨ ᠳᠤ ᠮᠦᠷᠭᠦᠪᠡᠯ ᠡᠷᠳᠡᠮ ᠨᠣᠮ ᠲᠠᠢ ᠪᠣᠯᠣᠨ᠎ᠠ ᠭᠡᠳᠡᠭ᠃     8.ᠯᠾᠠᠮᠤ ᠡᠵᠢ ᠶᠢᠨ ᠯᠠᠭᠤᠰᠠ ᠶᠢᠨ ᠮᠦᠷ      ᠯᠾᠠᠮᠤ ᠡᠵᠢ ᠶᠢᠨ ᠤᠨᠤᠭᠰᠠᠨ ᠯᠠᠭᠤᠰᠠ ᠨᠢ ᠬᠠᠳᠠᠨ ᠳᠡᠭᠡᠷ᠎ᠡ ᠭᠢᠰᠭᠢᠬᠦ ᠳᠡᠭᠡᠨ ᠦᠯᠡᠳᠡᠭᠡᠭᠰᠡᠨ ᠮᠦᠷ᠃     9.ᠲᠠᠮᠤ ᠶᠢᠨ ᠵᠠᠮ     ᠳᠠᠮᠥ ᠶᠢᠨ ᠵᠡᠮ ᠪᠤᠯ ᠵᠠᠭᠤ ᠪᠦᠭᠡᠳ ᠨᠡᠢᠮᠠᠨ ᠭᠢᠰᠭᠢᠭᠦᠷ ᠲᠠᠢ᠂ ᠠᠪᠢᠷᠠᠬᠤ ᠳᠤ ᠠᠶᠤᠮᠰᠢᠭ ᠲᠠᠢ ᠬᠠᠳᠠᠨ ᠵᠠᠮ ᠪᠤᠯᠤᠨ᠎ᠠ᠃ ᠭᠦᠮᠦᠰ ᠲᠠᠮᠤ ᠶᠢᠨ ᠵᠤᠪᠠᠯᠠᠩ ᠢᠶᠠᠨ ᠠᠷᠢᠯᠭᠠᠨ᠎ᠠ ᠬᠡᠮᠡᠨ ᠡᠨᠡᠭᠦ ᠪᠠᠷᠳᠠᠭᠠᠳᠤ ᠬᠠᠳᠠᠨ ᠵᠠᠮ ᠢᠶᠠᠷ ᠠᠪᠠᠷᠢᠨ ᠭᠠᠷᠴᠤ ᠪᠤᠳᠤᠯ ᠰᠡᠳᠭᠢᠯᠭᠡ ᠪᠠᠨ ᠪᠡᠶᠡᠯᠡᠭᠦᠯᠳᠡᠭ᠃       10. ᠭᠠᠨᠵᠤᠤᠷ ᠬᠠᠳᠠ     ᠭᠠᠨᠵᠤᠤᠷ ᠳ᠋ᠠᠨᠵᠤᠤᠷ ᠨᠣᠮ ᠢ ᠬᠤᠷᠢᠶᠠᠵᠤ ᠬᠠᠳᠠᠭᠠᠯᠠᠭᠰᠠᠨ ᠬᠠᠳᠠ ᠭᠡᠳᠡᠭ᠃     11. ᠪᠦᠷᠭᠦᠳ ᠤᠨ ᠬᠤᠰᠢᠭᠤ     ᠠᠯᠲᠠᠨ ᠪᠦᠷᠭᠦᠳ ᠤᠨ ᠬᠤᠰᠢᠭᠤᠨ ᠳᠤ ᠮᠦᠷᠭᠦᠭᠦᠯᠵᠦ᠂ ᠬᠡᠦᠬᠡᠳ ᠤᠨ ᠰᠡᠪᠲᠦᠭᠰᠡᠨ ᠠᠴᠠ ᠪᠣᠯᠣᠭᠰᠠᠨ ᠡᠯ᠎ᠡ ᠵᠦᠢᠯ ᠤᠨ ᠴᠢᠯᠡᠭᠡ ᠵᠡᠷᠭᠡ ᠶᠢ ᠳᠣᠮᠨᠠᠳᠠᠭ᠃     12. ᠴᠢᠩᠭᠢᠰ ᠤᠨ ᠭᠡᠷ ᠤᠨ ᠪᠠᠭᠤᠴᠠ      ᠠᠷᠪᠠᠨ ᠭᠤᠷᠪᠠᠳᠤᠭᠠᠷ ᠵᠠᠭᠤᠨ ᠳᠤ ᠴᠢᠩᠭᠢᠰ ᠬᠠᠭᠠᠨ ᠠᠯᠳᠠᠨ ᠲᠡᠯᠡᠭᠡᠢ ᠶᠢ ᠰᠤᠨᠳᠠᠯᠠᠬᠰᠡᠨ ᠠᠶᠠᠨ ᠲᠠᠶᠢᠨ ᠤ ᠵᠠᠮ ᠳᠠᠭᠠᠨ ᠡᠨᠡ ᠭᠠᠵᠠᠷ ᠢᠷᠡᠵᠤ ᠦᠡᠭᠭᠡᠷᠡᠭᠰᠡᠨ ᠪᠡ ᠮᠦᠨ ᠴᠤ ᠮᠦᠷᠭᠦᠯ ᠭᠢᠯ᠎ᠠ ᠬᠡᠰᠡᠨ ᠲᠤᠮᠤᠭ ᠶᠡᠷᠢᠶ᠎ᠠ ᠤᠯᠠᠮᠵᠢᠯᠠᠬᠳᠠᠵᠤ ᠢᠷᠡᠭᠰᠡᠨ ᠪᠦᠭᠡᠳ ᠴᠢᠩᠭᠢᠰ‌‍ᠤᠨ ᠪᠠᠭᠤᠴᠠ ᠬᠡᠵᠤ ᠴᠢᠯᠠᠭᠤ ᠪᠠᠷ ᠪᠦᠲᠦᠭᠰᠡᠨ ᠮᠤᠩᠭᠤᠯ ᠬᠡᠷ ᠤᠨ ᠪᠠᠭᠤᠴᠠ ᠪᠤᠢ᠃     13.ᠰᠡᠨᠵᠢ ᠬᠠᠳᠠ     ᠴᠢᠩᠭᠢᠰ ᠬᠠᠭᠠᠨ ᠮᠡᠷᠭᠡᠨ ᠬᠠᠷᠪᠤᠭᠠᠴᠢ ᠪᠠᠨ ᠰᠢᠯᠭᠠᠷᠠᠭᠤᠯᠳᠠᠭ ᠬᠠᠳᠠ᠃     14. ᠴᠢᠩᠭᠢᠰ ᠤᠨ ᠤᠨᠠᠭᠠᠨ ᠵᠡᠯ᠎ᠡ     ᠴᠢᠩᠭᠢᠰ ᠬᠠᠭᠠᠨ ᠤᠲᠠᠢ ᠳᠤ ᠪᠠᠶᠢᠬᠤ ᠳᠠᠭᠠᠨ ᠭᠡᠭᠦᠦ ᠰᠠᠭᠠᠵᠤ᠂ ᠴᠡᠭᠡ ᠪᠠᠷᠢᠬᠤ ᠳᠠᠭᠠᠨ ᠤᠨᠠᠭ᠎ᠠ ᠪᠠᠨ ᠤᠶᠠᠭᠰᠠᠨ ᠵᠡᠯ᠎ᠡ᠃     15. ᠴᠢᠩᠭᠢᠰ ᠬᠠᠭᠠᠨ ᠤ ᠰᠠᠭᠤᠳᠠᠯ ᠬᠠᠳᠠ     ᠴᠢᠩᠭᠢᠰ ᠬᠠᠭᠠᠨ ᠤᠯᠠᠭᠠᠨ ᠤᠲᠠᠢ ᠳᠤ ᠲᠣᠭᠤᠷᠢᠵᠤ ᠶᠠᠪᠤᠬᠤ ᠳᠠᠭᠠᠨ ᠬᠦᠯ ᠠᠮᠠᠷᠠᠵᠤ ᠰᠠᠭᠤᠭᠰᠠᠨ ᠬᠠᠳᠠ     16. ᠯᠾᠠᠮᠦ ᠪᠤᠷᠬᠠᠨ ᠤ ᠰᠢᠷᠭᠤᠭᠤᠯᠢ     ᠪᠠᠯᠳᠠᠨᠯᠾᠠᠮᠦ ᠪᠤᠷᠬᠠᠨ ᠤ ᠰᠢᠷᠭᠤᠭᠤᠯᠢ ᠪᠠᠷ ᠰᠢᠷᠭᠤᠪᠠᠯ᠂ ᠪᠠᠷᠴᠢᠳ ᠭᠠᠢ ᠠᠷᠢᠯᠤᠨ᠎ᠠ ᠭᠡᠳᠡᠭ᠃     17.ᠯᠾᠠᠮᠤ ᠡᠵᠢ ᠶᠢᠨ ᠦᠯᠮᠡᠢ ᠶᠢᠨ ᠮᠦᠷ     ᠳᠣᠮᠤᠭ ᠶᠠᠷᠢᠶᠠᠨ ᠳᠤ ᠯᠾᠠᠮᠦ ᠪᠤᠷᠬᠠᠨ ᠢ ᠦᠷᠦ ᠵᠦᠭᠡᠯᠡᠨ ᠪᠤᠷᠬᠠᠨ ᠭᠡᠳᠡᠭ᠂ ᠲᠡᠭᠡᠭᠡᠳ ᠶᠠᠮᠠᠷ ᠨᠢᠭᠡᠨ ᠬᠦᠮᠦᠨ ᠵᠣᠪᠠᠯᠠᠩ ᠲᠣᠬᠢᠶᠠᠯᠳᠤᠭᠠᠳ ᠳᠠᠭᠤᠳᠠᠬᠤ ᠳᠤᠨᠢ ᠶᠠᠭᠠᠷᠠᠤ ᠰᠠᠨᠳᠤᠷᠠᠤ ᠭᠠᠷᠴᠦ ᠢᠷᠡᠭᠡᠳ ᠬᠦᠯ ᠨᠢᠴᠦᠭᠦᠨ ᠭᠦᠶᠦᠬᠦ  ᠳᠡᠭᠡᠨ ᠬᠦᠯ ᠤᠨ ᠮᠦᠷ ᠢᠶᠠᠨ ᠦᠯᠡᠳᠡᠭᠡᠴᠢᠬᠡᠭᠰᠡᠨ ᠭᠡᠳᠡᠭ᠃     18. ᠰᠠᠭᠤᠳᠠᠯ ᠬᠠᠳᠠ     ᠴᠢᠩᠭᠢᠰ ᠬᠠᠭᠠᠨ ᠤ ᠲᠦᠰᠢᠮᠡᠯ ᠤᠳ ᠤᠨ ᠰᠠᠭᠤᠭᠰᠠᠨ ᠬᠠᠳᠠ᠃                 ᠭᠤᠷᠣᠭᠠᠨ ᠤ ᠨᠠᠢᠮᠠᠨ ᠰᠤᠪᠤᠷᠭ᠎ᠠ     1.ᠡᠷᠳᠡᠨᠢᠲᠦ ᠴᠠᠭᠠᠨ ᠰᠤᠪᠤᠷᠭ᠎ᠠ     ᠡᠩᠬᠡ ᠮᠡᠨᠳᠦ ᠶᠢ ᠬᠠᠶᠢᠷᠠᠯᠠᠭᠴᠢ ᠡᠷᠳᠡᠨᠢᠲᠦ ᠴᠠᠭᠠᠨ ᠰᠤᠪᠤᠷᠭ᠎ᠠ ᠳᠤᠷ ᠮᠦᠷᠭᠦᠪᠡᠰᠦ ᠡᠷᠡᠭᠦᠯ ᠪᠡᠶ᠎ᠡ ᠰᠠᠷᠠᠭᠤᠯ ᠤᠬᠠᠭᠠᠨ ᠲᠠᠢ ᠶᠠᠪᠤᠮᠤᠢ᠃     2. ᠪᠢᠯᠢᠭᠲᠦ ᠴᠠᠭᠠᠨ ᠰᠤᠪᠤᠷᠭ᠎ᠠ     ᠪᠢᠴᠢᠭ ᠨᠣᠮ ᠢ ᠪᠠᠳᠠᠷᠠᠭᠤᠯᠤᠭᠴᠢ ᠪᠢᠯᠢᠭᠲᠦ ᠴᠠᠭᠠᠨ ᠰᠤᠪᠤᠷᠭ᠎ᠠ   ᠳᠤᠷ ᠵᠠᠯᠪᠠᠷᠢᠪᠠᠰᠤ‌‍ᠪᠢᠯᠢᠭ ᠨᠡᠭᠡᠭᠡᠭᠳᠡᠵᠤ ᠪᠢᠴᠢᠭ ᠰᠤᠳᠤᠷ ᠲᠤ ᠨᠡᠪᠲᠡᠷᠡᠮᠤᠢ     3. ᠦᠯᠵᠡᠶᠢᠲᠦ ᠴᠠᠭᠠᠨ ᠰᠤᠪᠤᠷᠭ᠎ᠠ     ᠦᠷ᠎ᠡ ᠶᠢᠨ ᠬᠤᠲᠤᠭ ᠵᠠᠶᠠᠭᠠᠭᠴᠢ ᠦᠯᠵᠡᠶᠢᠲᠦ ᠴᠠᠭᠠᠨ ᠰᠤᠪᠤᠷᠭ᠎ᠠ   ᠳᠤᠷ ᠰᠦᠰᠦᠭᠯᠡᠪᠡᠰᠦ ᠦᠷ᠎ᠡ ᠬᠤᠶᠢᠴᠢᠰ ᠮᠠᠨᠳᠤᠵᠤ ᠤᠳᠤᠮ ᠤᠭᠰᠠᠭ᠎ᠠ ᠳᠡᠯᠭᠡᠷᠡᠮᠤᠢ     4. ᠦᠷᠦᠰᠢᠶᠡᠯᠲᠦ ᠴᠠᠭᠠᠨ ᠰᠤᠪᠤᠷᠭ᠎ᠠ     ᠡᠪᠡᠳᠴᠢᠨ ᠵᠤᠪᠠᠯᠠᠩ ᠢ ᠠᠨᠠᠭᠠᠭᠴᠢ ︵ ᠠᠷᠢᠯᠭᠠᠭᠴᠢ︶ ᠦᠷᠦᠰᠢᠶᠡᠯᠲᠦ ᠴᠠᠭᠠᠨ ᠰᠤᠪᠤᠷᠭ᠎ᠠ   ᠳᠤᠷ ᠰᠦᠵᠢᠭᠯᠡᠪᠡᠰᠦ ᠠᠷᠬᠠᠭ ᠭᠡᠮ ᠠᠷᠢᠯᠵᠤ ᠡᠪᠡᠳᠴᠢᠨ ᠬᠠᠭᠤᠴᠢᠨ ᠡᠳᠡᠭᠡᠷᠡᠮᠤᠢ     5. ᠢᠷᠦᠭᠡᠯᠲᠦ ᠴᠠᠭᠠᠨ ᠰᠤᠪᠤᠷᠭ᠎ᠠ       ᠢᠲᠡᠭᠡᠯ ᠪᠢᠰᠢᠷᠡᠯ ᠢ ᠣᠯᠭᠤᠭᠴᠢ ᠢᠷᠦᠭᠡᠯᠲᠦ ᠴᠠᠭᠠᠨ ᠰᠤᠪᠤᠷᠭ᠎ᠠ ᠳᠤᠷ ᠠᠶᠢᠯᠠᠳᠬᠠᠪᠠᠰᠤ ᠬᠡᠷᠬᠢᠮ ᠪᠤᠶᠠᠨ ᠬᠤᠣᠰ ᠪᠦᠷᠢᠨ ᠪᠣᠯᠣᠮᠣᠢ     6. ᠪᠤᠶᠠᠨᠲᠦ ᠴᠠᠭᠠᠨ ᠰᠤᠪᠤᠷᠭ᠎ᠠ      ᠪᠤᠶᠠᠨ ᠵᠠᠶᠠᠭ᠎ᠠ ᠶᠢ ᠪᠠᠲᠤᠬᠠᠭᠴᠢ ᠪᠤᠶᠠᠨᠲᠦ ᠴᠠᠭᠠᠨ ᠰᠤᠪᠤᠷᠭ᠎ᠠ ᠳᠤᠷ ᠳᠠᠭᠠᠳᠬᠠᠪᠠᠰᠤ ᠤᠷᠲᠤ ᠨᠠᠰᠤᠯᠠᠵᠤ ᠤᠳᠠᠭᠠᠨ ᠵᠢᠷᠭᠠᠮᠤᠢ     7. ᠰᠢᠳᠢᠲᠦ ᠴᠠᠭᠠᠨ ᠰᠤᠪᠤᠷᠭ᠎ᠠ     ᠰᠢᠮᠤᠨᠤᠰ ᠴᠢᠳᠭᠦᠷ ᠢ ᠳᠠᠷᠤᠭᠴᠢ ᠰᠢᠳᠢᠲᠦ ᠴᠠᠭᠠᠨ ᠰᠤᠪᠤᠷᠭ᠎ᠠ ᠳᠤᠷ ᠪᠢᠰᠢᠷᠡᠪᠡᠰᠦ ᠭᠠᠢ ᠪᠠᠷᠴᠢᠳ ᠵᠠᠶᠢᠯᠠᠵᠤ ᠭᠠᠮᠰᠢᠭ ᠵᠣᠪᠠᠯᠠᠩ ᠠᠷᠢᠯᠤᠮᠤᠢ     8. ᠵᠢᠩᠰᠡᠲᠦ ᠴᠠᠭᠠᠨ ᠰᠤᠪᠤᠷᠭ᠎ᠠ     ᠵᠠᠶᠠᠭ᠎ᠠ ᠪᠤᠶᠠᠨ ᠢ ᠰᠣᠶᠣᠷᠬᠠᠭᠴᠢ ᠵᠢᠩᠰᠡᠲᠦ ᠴᠠᠭᠠᠨ ᠰᠤᠪᠤᠷᠭ᠎ᠠ ᠳᠤᠷ ᠰᠢᠲᠦᠪᠡᠰᠦ ᠰᠠᠶᠢᠨ ᠦᠢᠯᠡᠰ ᠰᠠᠨᠠᠭᠰᠠᠨ ᠶᠣᠰᠤᠭᠠᠷ ᠪᠦᠲᠦᠮᠤᠢ                   ᠡᠮᠦᠨᠡᠲᠦ ᠣᠷᠣᠨ      ᠮᠢᠩᠭ᠎ᠠ ᠪᠦᠭᠡᠳ ᠨᠠᠶᠠᠨ ᠱᠠᠲᠦ ᠲᠠᠢ ᠬᠡᠶᠢᠮᠤᠷᠢ ᠶᠢᠨ ᠠᠯᠲᠠᠨ ᠣᠪᠣᠭ᠎ᠠ᠂ ᠬᠠᠷ᠎ᠠ ᠯᠤᠤᠰ ᠤᠨ ᠬᠠᠭᠠᠨ        1. ᠬᠡᠶᠢᠮᠤᠷᠢ ᠶᠢᠨ ᠠᠯᠲᠠᠨ ᠣᠪᠣᠭ᠎ᠠ      2. ᠬᠠᠷ᠎ᠠ ᠯᠤᠤᠰ ᠤᠨ ᠬᠠᠭᠠᠨ        ᠬᠠᠷ᠎ᠠ ᠯᠤᠤᠰ ᠤᠨ ᠬᠠᠭᠠᠨ ᠬᠡᠵᠤ ᠨᠢᠭᠡ ᠬᠠᠳᠠᠳᠤ ᠠᠭᠤᠯᠠ ᠪᠤᠢ᠃ ᠡᠭᠦᠨ ᠢ ᠯᠤᠤᠰ ᠤᠨ ᠬᠠᠭᠠᠨ ᠤ ᠮᠦᠡᠭᠭᠡ ᠶᠢᠨ ᠤᠷᠤᠨ ᠬᠡᠳᠡᠭ᠃ ᠬᠠᠷ᠎ᠠ ᠯᠤᠤᠰ ᠤᠨ ᠬᠠᠭᠠᠨ ᠳᠤ ᠵᠢᠯ ᠪᠦᠷᠢ ᠨᠤᠮ ᠬᠤᠷᠠᠵᠤ᠂ ᠪᠤᠷᠤᠭᠠᠨ  ᠭᠤᠶᠤᠬᠤ᠂ ᠲᠡᠭᠢᠯᠭ᠎ᠠ ᠡᠷᠭᠦᠭᠦ᠂ ᠭᠠᠵᠠᠷ ᠤᠰᠤᠨ ᠤ ᠬᠤᠤᠷᠯᠠᠯ ᠠᠴᠠ ᠪᠤᠯᠤᠬᠰᠠᠨ ᠭᠠᠢ ᠪᠠᠷᠴᠢᠳ ᠢᠶᠠᠨ ᠲᠠᠭᠠᠳᠬᠠᠨ ᠠᠷᠢᠯᠭᠠᠬᠤ ᠶᠢᠨ ᠲᠦᠯᠦᠭᠡ ᠮᠦᠷᠭᠦᠯᠴᠢᠳ ᠡᠷᠭᠦᠯ ᠲᠠᠯᠪᠢᠨ ᠲᠠᠭᠠᠠᠳᠬᠠᠯ ᠭᠢᠳᠡᠭ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号