ᠪᠠᠶᠠᠨ ᠲᠡᠨᠢᠭᠡᠷ ᠦᠵᠦᠮᠦᠴᠢᠨ
ᠨᠡᠶᠢᠲᠡᠯᠡᠭᠰᠡᠨ ᠴᠠᠭ᠄
2017/3/6
      ︽ᠶᠡᠭᠡ ᠮᠣᠩᠭᠤᠯ ᠣᠷᠣᠨ ᠤ ᠳᠣᠲᠣᠷᠠᠬᠢ ᠦᠵᠦᠮᠦᠴᠢᠨ ᠬᠤᠰᠢᠭᠤ ᠬᠡᠮᠡᠨ ᠠᠯᠳᠠᠷᠰᠢᠭᠰᠠᠨ ᠬᠠᠮᠤᠭ ᠲᠤᠷ ᠪᠠᠶᠠᠷ ᠪᠠᠶᠠᠰᠬᠤᠯᠠᠩ ᠤᠨ ᠭᠠᠶᠢᠬᠠᠮᠰᠢᠭ ᠢ ᠣᠯᠭᠤᠭᠴᠢ ᠨᠤᠲᠤᠭ ᠪᠤᠶᠤ︾᠂ ︽ᠡᠨᠡ ᠭᠠᠵᠠᠷ ᠤᠨ ᠬᠥᠮᠥᠰ ᠤᠨ ᠮᠥᠨ ᠴᠢᠨᠠᠷ ᠤᠨ ᠢᠯᠭᠠᠯ ᠬᠡᠮᠡᠪᠡᠰᠦ ᠶᠣᠰᠣ ᠰᠤᠷᠲᠠᠬᠤᠨ ᠢ ᠡᠷᠬᠢᠮᠯᠡᠳᠡᠭ᠂ ᠦᠢᠯᠡ ᠶᠠᠪᠤᠳᠠᠯ ᠳᠤᠷ ᠪᠠᠭᠠᠲᠤᠷᠯᠢᠭ᠂ ᠠᠵᠢᠯ ᠬᠥᠳᠡᠯᠮᠦᠷᠢ ᠳᠤ ᠪᠠᠭ᠋ᠠᠲᠠᠢ᠂ ᠦᠨᠡᠨᠴᠢ ᠴᠠᠭᠠᠪᠤᠷ᠂ ᠰᠢᠯᠤᠭᠤᠨ ᠰᠢᠳᠤᠷᠭᠤ ᠰᠤᠷᠲᠠᠯ ᠢ ᠡᠷᠳᠡᠮ ᠪᠣᠯᠭᠠᠭᠰᠠᠨ ᠪᠦᠯᠦᠭᠡ︾᠂ ︽ᠡᠨᠡ ᠭᠠᠵᠠᠷ ᠤᠨ ᠰᠡᠪ ᠤᠨ ᠢᠯᠭᠠᠯ ᠬᠡᠮᠡᠪᠡᠰᠦ ᠣᠳᠬᠤᠢ ᠳᠤᠷ ᠪᠡᠷᠬᠡ ᠬᠠᠳᠠ ᠴᠢᠯᠠᠭᠤ ᠬᠢᠭᠡᠳ ᠭᠦᠨ᠎ᠡ ᠭᠤᠤ᠂ ᠠᠰᠬ᠎ᠠ ᠠᠭᠤᠯᠠᠰ ᠮᠡᠲᠦ ᠪᠠᠷᠲᠠᠭ᠎ᠠ ᠲᠠᠢ ᠭᠠᠵᠠᠷ ᠠᠨᠤ ᠲᠡᠳᠦᠢ ᠯᠡ ᠣᠯᠠᠨ ᠪᠤᠰᠤ᠂ ᠬᠠᠷᠢᠨ ᠴᠦ ᠡᠪᠡᠰᠦ ᠤᠷᠭᠤᠮᠠᠯ ᠴᠡᠴᠡᠭ ᠨᠠᠪᠴᠢᠰ ᠢᠶᠠᠷ ᠪᠦᠷᠬᠦᠭᠰᠡᠨ ᠵᠥᠭᠡᠯᠡᠨ ᠰᠢᠮᠡᠲᠦ ᠬᠥᠷᠥᠰᠥᠲᠡᠢ ᠠᠭᠤᠳᠠᠮ ᠲᠠᠯ᠎ᠠ ᠲᠦᠪᠰᠢᠨ ᠬᠥᠳᠡᠭᠡ ᠨᠤᠲᠤᠭ ᠪᠣᠯᠠᠢ︾᠂ ︽ᠡᠨᠡ ᠭᠠᠵᠠᠷ ᠤᠨ ᠬᠡᠰᠢᠭ ᠬᠥᠷᠥᠩᠭᠡ ᠶᠢᠨ ᠪᠤᠶᠠᠨ ᠬᠡᠮᠡᠪᠡᠰᠦ ᠠᠳᠤᠭᠤ᠂ ᠲᠡᠮᠡᠭᠡ᠂ ᠦᠬᠡᠷ᠂ ᠬᠤᠨᠢ᠂ ᠢᠮᠠᠭ᠎ᠠ ᠵᠡᠷᠭᠡ ᠲᠠᠪᠤᠨ ᠬᠤᠰᠢᠭᠤ ᠮᠠᠯ ᠠᠳᠤᠭᠤᠰᠤᠨ ᠠᠨᠤ᠂ ᠠᠭᠤᠯᠠ ᠲᠠᠯ᠎ᠠ ᠪᠠᠷ ᠦᠷᠭᠦᠯᠵᠢᠲᠠ ᠳᠦᠭᠦᠷᠡᠩ ᠪᠡᠯᠴᠢᠮᠦᠢ︾ ᠭᠡᠵᠤ ︽ᠴᠠᠭᠠᠨ ᠰᠤᠪᠤᠳ ᠤᠨ ᠡᠷᠢᠬᠡ︾ ᠳᠤ ᠪᠢᠴᠢᠭᠰᠡᠨ ᠪᠠᠶᠢᠳᠠᠭ ᠪᠢᠯᠡ       ᠥᠷᠭᠡᠨ ᠲᠡᠨᠢᠭᠡᠷ ᠪᠡᠯᠴᠢᠭᠡᠷ ᠲᠠᠢ᠂ ᠤᠰᠤ ᠤᠮᠳᠠ ᠪᠠᠷ ᠡᠯᠪᠡᠭ ᠦᠵᠦᠮᠦᠴᠢᠨ ᠨᠤᠲᠤᠭ ᠪᠣᠯ ᠬᠤᠯᠠ ᠣᠶᠢᠷ᠎ᠠ ᠳᠤ ᠠᠯᠳᠠᠷ ᠲᠠᠢ᠂ ᠬᠥᠮᠥᠰ ᠤᠨ ᠰᠡᠳᠬᠢᠯ ᠢ ᠰᠣᠭᠲᠣᠭᠤᠷᠠᠭᠤᠯᠤᠮ᠎ᠠ ᠦᠵᠡᠰᠬᠦᠯᠡᠩᠲᠦ ᠰᠠᠶᠢᠬᠠᠨ ᠭᠠᠵᠠᠷ ᠶᠤᠮ᠃ ᠦᠵᠦᠮᠦᠴᠢᠨ ᠤ ᠨᠤᠲᠤᠭ ᠳᠡᠪᠢᠰᠬᠡᠷ ᠤᠨ ᠪᠠᠷᠠᠭᠤᠨ ᠲᠠᠯ᠎ᠠ ᠨᠢ ᠬᠡᠰᠢᠭᠲᠡᠨ ᠬᠠᠨ ᠠᠭᠤᠯᠠ᠂ ᠵᠢᠷ ᠤᠨ ᠭᠤᠣᠯ ᠢ ᠪᠠᠭᠲᠠᠭᠠᠵᠤ᠂ ᠵᠡᠭᠦᠨ ᠲᠠᠯ᠎ᠠ ᠨᠢ ᠰᠣᠯᠣᠨ ᠠᠭᠤᠯᠠ ᠶᠢ ᠤᠨᠤᠵᠤ᠂ ᠡᠮᠦᠨ᠎ᠡ ᠲᠠᠯ᠎ᠠ ᠨᠢ ᠠᠯᠲᠠᠨ ᠬᠢᠩᠭᠠᠨ  ᠤ ᠰᠤᠳᠠᠰᠤ ᠶᠢ ᠵᠠᠶᠢᠳᠠᠯᠠᠵᠤ ᠤᠲᠠᠰᠤᠨ ᠬᠡᠷᠡᠮ ᠮᠥᠷᠭᠦᠨ᠂ ᠬᠤᠶᠢᠲᠤ ᠲᠠᠯ᠎ᠠ ᠨᠢ ᠶᠡᠭᠡ ᠭᠤᠪᠢ ᠶᠢ ᠲᠤᠯᠤᠭᠰᠠᠨ ᠥᠷᠭᠡᠨ ᠠᠭᠤᠳᠠᠮ ᠲᠠᠯᠠᠪᠠᠢ ᠲᠠᠢ᠃ ᠡᠨᠡ ᠰᠠᠶᠢᠬᠠᠨ ᠨᠤᠲᠤᠭ ᠲᠤ ᠠᠪᠠᠢ ᠬᠠᠨ᠂ ᠱᠠᠪᠠᠷᠭᠠᠨ ᠬᠠᠨ᠂ ᠭᠤᠷᠣᠬᠠᠨ ᠬᠠᠨ᠂ ᠭᠦᠷᠢᠮᠳᠦ ᠬᠠᠨ᠂ ᠬᠠᠷᠠᠭᠠᠨᠠᠳᠠᠢ ᠬᠠᠨ᠂ ᠨᠠᠷᠢᠨ ᠬᠠᠨ᠂ ᠲᠦᠰᠢᠶᠡᠲᠦ ᠬᠠᠨ᠂ ᠡᠭᠦᠳᠡ ᠶᠢᠨ ᠬᠠᠨ᠂ ᠰᠠᠮᠠᠢ ᠬᠠᠨ᠂ ᠬᠤᠯᠬᠤᠨᠠᠢ ᠬᠠᠨ᠂ ᠰᠦᠮᠡᠲᠦ ᠬᠠᠶᠢᠷᠬᠠᠨ᠂ ᠵᠢᠩᠰᠡᠲᠦ ᠬᠠᠶᠢᠷᠬᠠᠨ᠂ ᠡᠮᠳᠦ ᠬᠠᠶᠢᠷᠬᠠᠨ᠂ ᠪᠤᠭᠤᠲᠤ ᠬᠠᠶᠢᠷᠬᠠᠨ᠂ ᠪᠠᠷᠠᠭᠤᠨ᠂ ᠵᠡᠭᠦᠨ ᠣᠩᠭᠤᠨ ᠬᠠᠶᠢᠷᠬᠠᠨ᠂ ᠰᠢᠪᠠᠭᠤᠲᠤ ᠬᠠᠶᠢᠷᠬᠠᠨ᠂ ᠬᠠᠷᠠᠭᠠᠨᠲᠤ ᠬᠠᠶᠢᠷᠬᠠᠨ᠂ ᠬᠥᠨᠥᠭ ᠬᠠᠶᠢᠷᠬᠠᠨ᠂ ᠠᠪᠳᠠᠷᠠᠨᠳᠠᠢ ᠬᠠᠶᠢᠷᠬᠠᠨ᠂ ᠰᠡᠷᠪᠡᠩ ᠬᠠᠶᠢᠷᠬᠠᠨ᠂ ᠠᠷᠴᠢᠲᠦ ᠠᠭᠤᠯᠠ᠂ ᠲᠡᠮᠡᠭᠡᠲᠦ ᠠᠭᠤᠯᠠ᠂ ᠬᠠᠪᠴᠢᠯ ᠤᠨ ᠠᠭᠤᠯᠠ᠂ ᠵᠡᠷᠭᠡᠯᠭᠡ ᠠᠭᠤᠯᠠ᠂ ᠬᠦᠰᠢᠶ᠎ᠡ ᠶᠢᠨ ᠠᠭᠤᠯᠠ᠂ ᠬᠠᠳᠠᠪᠴᠢ ᠶᠢᠨ ᠠᠭᠤᠯᠠ᠂ ᠬᠤᠷᠠᠬᠤ ᠠᠭᠤᠯᠠ᠂ ᠤᠯᠢᠶᠠᠰᠤᠲᠠᠢ ᠠᠭᠤᠯᠠ᠂ ᠪᠠᠶᠢᠷᠢ ᠠᠭᠤᠯᠠ᠂ ᠭᠤᠲᠤᠭ ᠠᠭᠤᠯᠠ᠂ ᠳᠤᠯᠠᠭᠠᠨ ᠠᠭᠤᠯᠠ᠂ ᠡᠷᠳᠡᠨᠢ ᠠᠭᠤᠯᠠ᠂ ᠶᠠᠷᠭᠠᠶᠢᠲᠦ ᠠᠭᠤᠯᠠ᠂ ᠲᠦᠮᠡᠲᠦ ᠠᠭᠤᠯᠠ᠂ ᠪᠤᠯᠠᠭᠠᠨ ᠠᠭᠤᠯᠠ᠂ ᠰᠢᠷ᠎ᠠ ᠬᠠᠳᠠ᠂ ᠰᠡᠷᠡᠨᠳᠦ᠂ ᠠᠷᠦ ᠬᠦᠪ᠂ ᠠᠩᠭᠠᠷ᠂ ᠲᠤᠯᠤᠮᠲᠦ᠂ ᠬᠠᠮᠪᠤ ᠪᠠᠶᠠᠨ ᠁ ᠵᠡᠷᠭᠡ ᠶᠢᠨ ᠥᠨᠳᠥᠷ ᠰᠦᠷᠯᠢᠭ ᠠᠭᠤᠯᠠ ᠬᠠᠶᠢᠷᠬᠠᠳ ᠲᠠᠢ︔ ᠴᠠᠪ ᠶᠤᠷᠳᠦ᠋ᠩ᠂ ᠥᠩᠭᠡᠲᠦ᠂ ᠢᠩᠲᠦ᠂ ᠠᠭᠵᠢ᠂ ᠪᠣᠭᠵᠢ᠂ ᠬᠠᠷ᠎ᠠ ᠰᠢᠯᠢ᠂ ᠴᠡᠴᠡᠷᠠᠩ᠂ ᠣᠩᠭᠤᠨ ᠴᠢᠪᠴᠠᠷ᠂ ᠣᠯᠠᠨ ᠬᠦᠬᠡᠪᠤᠷ᠂ ᠣᠩᠭᠤᠴᠠ ᠶᠢᠨ ᠡᠷᠢᠶᠡᠨ᠂ ᠠᠳᠤᠭᠤᠨ ᠣᠩᠭᠤᠨ᠂ ᠪᠠᠴᠢ ᠲᠤᠯᠭ᠎ᠠ᠂ ᠪᠠᠶᠠᠨ ᠬᠤᠸᠠ᠂ ᠲᠥᠭᠦᠷᠢᠭ᠂ ᠪᠦᠷᠬᠦᠭᠡᠰᠦᠲᠠᠢ ᠬᠤᠭᠤᠯᠠᠢ᠂ ᠰᠢᠷ᠎ᠠ ᠬᠤᠭᠤᠯᠠᠢ᠂ ᠪᠣᠷᠣ ᠪᠤᠯᠠᠭ ᠤᠨ ᠬᠤᠭᠤᠯᠠᠢ᠂ ᠦᠵᠦᠮᠦᠴᠢᠨ ᠬᠥᠨᠳᠡᠢ᠂ ᠤᠷᠲᠤ ᠬᠥᠨᠳᠡᠢ᠂ ᠠᠮᠤᠷ ᠲᠠᠯ᠎ᠠ᠂ ᠪᠠᠶᠠᠨ ᠲᠠᠯ᠎ᠠ᠂ ᠬᠥᠬᠡ ᠭᠡᠷ ᠤᠨ ᠲᠠᠯ᠎ᠠ᠂ ᠴᠠᠭᠠᠨ ᠲᠣᠪᠤᠭ ᠤᠨ ᠲᠠᠯ᠎ᠠ ᠂ ᠤᠰᠤᠨ ᠡᠬᠢ ᠁ ᠵᠡᠷᠭᠡ ᠶᠢᠨ ᠬᠠᠩᠭᠠᠢ᠂ ᠬᠥᠪᠴᠢ᠂ ᠰᠢᠯᠢ ᠵᠣ ᠨᠤᠭᠤᠳ ᠲᠠᠢ︔ ᠪᠠᠯᠭᠠᠷ ᠭᠤᠣᠯ᠂ ᠭᠤᠷᠣᠬᠠᠨ ᠭᠤᠣᠯ᠂ ᠢᠨᠵᠠᠭᠠᠨ ᠭᠤᠣᠯ᠂ ᠵᠢᠭᠠᠰᠤᠲᠠᠢ ᠶᠢᠨ ᠭᠤᠣᠯ᠂ ᠤᠯᠠᠭᠠᠢ ᠭᠤᠣᠯ᠂ ᠬᠥᠨᠳᠡᠯᠡᠨ ᠤ ᠭᠤᠣᠯ᠂ ᠠᠯᠲᠠ ᠶᠢᠨ ᠭᠤᠣᠯ᠂ ᠮᠣᠶᠢᠯᠠᠲᠦ ᠶᠢᠨ ᠭᠤᠣᠯ᠂ ᠪᠤᠷᠭᠠᠰᠤᠲᠠᠢ ᠶᠢᠨ ᠭᠤᠣᠯ᠂ ᠬᠤᠭᠤᠯᠠᠲᠤ ᠭᠤᠣᠯ᠂ ᠷᠠᠰᠢᠶᠠᠨ ᠪᠤᠯᠠᠭ᠂ ᠳᠦᠩᠭᠢᠨᠡᠬᠦ ᠶᠢᠨ ᠪᠤᠯᠠᠭ᠂ ᠰᠠᠮᠠᠢ ᠪᠤᠯᠠᠭ᠂ ᠳᠠᠴᠢ ᠪᠤᠯᠠᠭ᠂ ᠪᠠᠶᠠᠨ ᠪᠤᠯᠠᠭ᠂ ᠰᠢᠨᠠᠭ᠎ᠠ ᠶᠢᠨ ᠪᠤᠯᠠᠭ᠂ ᠭᠤᠷᠪᠠᠨ ᠪᠤᠯᠠᠭ᠂ ᠬᠥᠪ ᠤᠨ ᠪᠤᠯᠠᠭ᠂ ᠪᠤᠮᠪᠠᠲᠠᠢ ᠶᠢᠨ ᠪᠤᠯᠠᠭ᠂ ᠠᠷᠠᠯ ᠨᠠᠭᠤᠷ᠂ ᠳᠡᠭᠡᠭᠡ ᠨᠠᠭᠤᠷ᠂ ᠳᠠᠪᠤᠰᠤᠲᠤ ᠨᠠᠭᠤᠷ᠂ ᠡᠩᠭᠡᠷ ᠨᠠᠭᠤᠷ᠂ ᠠᠭᠲᠠᠷᠠᠭ ᠤᠨ ᠨᠠᠭᠤᠷ᠂ ᠳᠠᠭᠤᠲᠤ ᠨᠠᠭᠤᠷ᠂ ᠬᠠᠯᠠᠭᠠᠶᠢᠲᠤ ᠨᠠᠭᠤᠷ᠂ ᠬᠡᠰᠡᠭ ᠴᠠᠭᠠᠨ ᠨᠠᠭᠤᠷ᠂ ᠪᠠᠶᠠᠨ ᠴᠠᠭᠠᠨ ᠨᠠᠭᠤᠷ᠂ ᠱᠠᠤᠲᠦ ᠶᠢᠨ ᠨᠠᠭᠤᠷ᠂ ᠠᠳᠤᠭᠤᠨ ᠨᠠᠭᠤᠷ᠂ ᠬᠥᠬᠡᠪᠦᠷ ᠤᠨ ᠨᠠᠭᠤᠷ᠂ ᠴᠠᠭᠠᠨ ᠨᠠᠭᠤᠷ᠂ ᠬᠥᠳᠡᠭᠡ ᠨᠠᠭᠤᠷ᠂ ᠤᠨᠳᠤᠷᠤᠢ ᠭᠤᠷᠪᠠᠨ ᠴᠠᠶᠢᠳᠠᠮ᠂ ᠪᠠᠶᠠᠨ ᠴᠠᠶᠢᠳᠠᠮ᠂ ᠴᠠᠭᠠᠨ ᠴᠠᠶᠢᠳᠠᠮ᠂ ᠶᠡᠭᠡ ᠴᠠᠶᠢᠳᠠᠮ᠂ ᠬᠥᠬᠡᠪᠦᠷ ᠤᠨ ᠭᠤᠪᠢ᠂ ᠭᠤᠰᠢᠮᠠᠭ ᠤᠨ ᠭᠤᠪᠢ᠂ ᠲᠣᠯᠣᠭᠠᠳ ᠤᠨ ᠭᠤᠪᠢ᠂ ᠬᠤᠷᠤᠬᠠᠶᠢᠲᠦ ᠶᠢᠨ ᠭᠤᠪᠢ᠂ ᠪᠦᠷᠢᠳᠦᠨ ᠭᠤᠪᠢ᠂ ᠬᠥᠪᠴᠢ ᠶᠢᠨ ᠭᠤᠪᠢ᠂ ᠲᠠᠤᠯᠠᠢ ᠱᠠᠤᠲᠦ᠂ ᠤᠯᠠᠭᠠᠨ ᠱᠠᠤᠲᠦ᠂ ᠳᠠᠪᠤᠰᠤᠲᠤ ᠶᠢᠨ ᠱᠠᠤ᠂ ᠨᠠᠭᠠᠴᠤᠯᠠᠢ ᠶᠢᠨ ᠱᠠᠤ᠂ ᠮᠥᠷᠭᠦᠴᠢᠭ ᠤᠨ ᠱᠠᠤ᠂ ᠲᠣᠰᠣᠨ ᠬᠤᠵᠢᠷ ᠁ ᠵᠡᠷᠭᠡ ᠶᠢᠨ ᠭᠤᠣᠯ ᠪᠤᠯᠠᠭ᠂ ᠨᠠᠭᠤᠷ ᠪᠦᠷᠢᠳᠦ᠂ ᠭᠤᠪᠢ ᠱᠠᠤ ᠡᠯᠪᠡᠭ ᠲᠠᠢ︔ ᠭᠠᠭ᠋ᠠᠢ ᠡᠯᠡᠰᠦ᠂ ᠨᠠᠷᠢᠨ ᠡᠯᠡᠰᠦ᠂ ᠳ᠋ᠢᠶᠠᠨ ᠡᠯᠡᠰᠦ᠂ ᠬᠥᠬᠡᠷᠴᠢᠭ  ᠤᠨ ᠡᠯᠡᠰᠦ᠂ ᠤᠴᠢᠭᠠᠢ ᠡᠯᠡᠰᠦ᠂ ᠬᠤᠯᠪᠣᠩ ᠤᠨ ᠪᠣᠷᠣᠯᠵᠢ᠂ ᠰᠡᠷᠲᠡᠩ ᠤᠨ ᠪᠣᠷᠣᠯᠵᠢ᠂ ᠬᠠᠯᠵᠠᠨ ᠮᠠᠩᠬ᠎ᠠ᠂ ᠴᠠᠮᠬᠠᠭ ᠤᠨ ᠮᠠᠩᠬ᠎ᠠ ᠁ ᠵᠡᠷᠭᠡ ᠶᠢᠨ ᠡᠯᠡᠰᠦ ᠪᠣᠷᠣᠯᠵᠢ ᠲᠠᠢ︔ ᠶᠣᠯᠣ ᠬᠠᠳᠠ᠂ ᠬᠢᠩᠭ᠎ᠠ ᠬᠠᠳᠠ᠂ ᠳᠡᠩ ᠬᠠᠳᠠ᠂ ᠬᠡᠷᠢᠶ᠎ᠡ ᠬᠠᠳᠠ᠂ ᠰᠡᠨᠵᠢ ᠬᠠᠳᠠ᠂ ᠲᠡᠮᠡᠭᠡ ᠬᠠᠳᠠ᠂ ᠷᠠᠰᠢᠶᠠᠨ ᠬᠠᠳᠠ ᠁ ᠵᠡᠷᠭᠡ ᠶᠢᠨ ᠰᠣᠨᠢᠨ ᠳᠦᠷᠰᠦ ᠲᠠᠢ ᠬᠠᠳᠠ ᠨᠤᠭᠤᠳ ᠲᠠᠢ︔ ᠬᠤᠰᠢᠭᠤ ᠪᠠᠶᠠᠨ ᠴᠢᠨᠳᠠᠮᠤᠨᠢ ᠣᠪᠣᠭ᠎ᠠ᠂ ᠸᠠᠩ ᠤᠨ ᠪᠠᠶᠠᠨ ᠰᠥᠮᠪᠥᠷ ᠣᠪᠣᠭ᠎ᠠ᠂ ᠵᠠᠩᠵᠤᠨ ᠣᠪᠣᠭ᠎ᠠ᠂ ᠪᠤᠶᠠᠨᠲᠤ ᠣᠪᠣᠭ᠎ᠠ᠂ ᠥᠯᠵᠡᠶᠢᠲᠦ ᠣᠪᠣᠭ᠎ᠠ᠂ ᠡᠷᠳᠡᠮᠲᠦ ᠣᠪᠣᠭ᠎ᠠ᠂ ᠪᠠᠶᠠᠨ ᠣᠪᠣᠭ᠎ᠠ᠂ ᠲᠠᠷᠭ᠋ᠳ ᠣᠪᠣᠭ᠎ᠠ᠂ ᠡᠵᠢ ᠶᠢᠨ ᠣᠪᠣᠭ᠎ᠠ᠂ ᠠᠷᠰᠯᠠᠨ ᠣᠪᠣᠭ᠎ᠠ᠂ ᠭᠠᠮᠤᠷ ᠤᠨ ᠣᠪᠣᠭ᠎ᠠ᠂ ᠪᠠᠭᠰᠢ ᠶᠢᠨ ᠣᠪᠣᠭ᠎ᠠ᠂ ᠬᠡᠦᠬᠡᠳ ᠤᠨ ᠣᠪᠣᠭ᠎ᠠ᠂ ᠪᠥᠬᠡ ᠶᠢᠨ ᠣᠪᠣᠭ᠎ᠠ᠂ ᠠᠳᠤᠭᠤᠨ ᠣᠪᠣᠭ᠎ᠠ᠂ ᠢᠮᠠᠭᠠᠲᠤ ᠶᠢᠨ ᠣᠪᠣᠭ᠎ᠠ᠂ ᠪᠠᠶᠠᠨᠬᠤᠰᠢᠭᠤ ᠣᠪᠣᠭ᠎ᠠ᠂ ᠳᠡᠯ ᠤᠨ ᠣᠪᠣᠭ᠎ᠠ᠂ ᠡᠷᠬᠡᠲᠦ ᠣᠪᠣᠭ᠎ᠠ ᠁ ᠵᠡᠷᠭᠡ ᠶᠢᠨ ᠲᠠᠬᠢᠵᠤ ᠰᠢᠲᠦᠳᠡᠭ ᠭᠠᠵᠠᠷ ᠣᠷᠣᠨ ᠲᠠᠢ᠃        ᠦᠵᠦᠮᠦᠴᠢᠨ ᠳᠤ ᠨᠠᠷᠠᠰᠤ᠂ ᠴᠠᠷᠠᠰᠤ᠂ ᠬᠠᠶᠢᠯᠠᠰᠤ᠂ ᠭᠦᠢᠯᠡᠰᠦ᠂ ᠤᠯᠢᠶᠠᠰᠤ᠂ ᠬᠤᠰᠤ᠂ ᠪᠣᠷᠣ ᠰᠢᠷ᠎ᠠ ᠪᠤᠷᠭᠠᠰᠤ᠂ ᠮᠣᠶᠢᠯ᠂ ᠳᠡᠯᠳᠡᠦ᠂ ᠶᠠᠰᠢᠯ᠂ ᠶᠠᠷᠭᠠᠢ᠂ ᠠᠭᠠᠷᠠᠤ᠂ ᠣᠷᠬᠤᠳᠠᠢ᠂ ᠠᠷᠤᠩ᠂ ᠵᠦᠮᠰᠠ᠂ ᠴᠠᠨ᠎ᠠ᠂ ᠠᠭᠰᠢᠷᠠᠭ᠎ᠠ᠂ ᠰᠠᠷᠠᠨ᠎ᠠ᠂ ᠮᠠᠨᠤ᠂ ᠠᠷᠴᠠ᠂ ᠠᠭᠢ᠂ ᠬᠥᠬᠦᠦᠷ ᠡᠪᠡᠰᠦ᠂ ᠮᠥᠭᠦ᠂ ᠨᠢᠳᠤᠷᠭ᠎ᠠ᠂ ᠰᠢᠷ᠎ᠠ ᠬᠤᠸᠠᠷ᠂ ᠦᠷᠡᠯ᠂ ᠦᠵᠦᠮ᠂ ᠳᠣᠯᠤᠭᠠᠨ᠎ᠠ᠂ ᠤᠯᠠᠭᠠᠨ᠎ᠠ᠂ ᠨᠣᠬᠠᠢ ᠶᠢᠨ ᠬᠤᠰᠢᠭᠤ᠂ ᠵᠡᠭᠡᠷᠭᠡᠨ᠎ᠡ᠂ ᠪᠣᠳᠤᠷᠭᠠᠨ᠂ ᠬᠦᠮᠡᠯᠢ᠂ ᠲᠠᠭᠠᠨ᠎ᠠ᠂ ᠭᠤᠭᠤᠳ᠂ ᠰᠣᠩᠭᠢᠨ᠎ᠠ᠂ ᠮᠠᠩᠭᠢᠷ᠂ ᠰᠤᠭᠳᠠ᠂ ᠬᠢᠯᠠᠭᠠᠨ᠎ᠠ᠂ ᠪᠣᠲᠤᠭᠤᠯ᠂ ᠬᠠᠷᠠᠭᠠᠨ᠎ᠠ᠂ ᠳᠠᠯᠠᠨ ᠲᠦᠷᠦᠭᠦᠦ᠂ ᠬᠢᠶᠠᠭ᠂ ᠴᠠᠬᠢᠯᠳᠠᠭ᠂ ᠳᠡᠷᠡᠰᠦ᠂ ᠬᠤᠯᠤᠰᠤ᠂ ᠰᠢᠷᠠᠯᠵᠢ᠂ ᠬᠠᠵᠠᠭᠠᠷ ᠡᠪᠡᠰᠦ᠂ ᠵᠦᠯᠭᠡ ᠵᠡᠷᠭᠡ ᠣᠯᠠᠨ ᠲᠥᠷᠥᠯ ᠤᠨ ᠣᠢ ᠮᠣᠳᠣ᠂ ᠡᠪᠡᠰᠦ ᠤᠷᠭᠤᠮᠠᠯ ᠲᠠᠢ︔ ᠠᠳᠡ ᠪᠠᠰᠠ ᠲᠣᠷᠤᠭ ᠪᠤᠭᠤ᠂ ᠶᠠᠩᠭᠢᠷ ᠢᠮᠠᠭ᠎ᠠ᠂ ᠠᠷᠭᠠᠯᠢ ᠤᠭᠠᠯᠵᠠ᠂ ᠪᠠᠷᠰ᠂ ᠰᠢᠯᠦᠭᠦᠰᠦ᠂ ᠬᠡᠭᠡᠷ᠎ᠡ ᠶᠢᠨ ᠭᠠᠭ᠋ᠠᠢ᠂ ᠴᠢᠨ᠋ᠸ᠎ᠠ᠂ ᠦᠨᠡᠭᠡ᠂ ᠬᠢᠷᠰᠠ᠂ ᠲᠠᠤᠯᠠᠢ᠂ ᠰᠤᠭᠤ᠂ ᠭᠥᠷᠥᠭᠡᠰᠦ᠂ ᠵᠡᠭᠡᠷ᠎ᠡ᠂ ᠲᠠᠷᠪᠠᠭ᠎ᠠ᠂ ᠡᠯᠪᠡᠩᠬᠦ᠂ ᠭᠠᠭ᠋ᠠᠢ᠂ ᠮᠠᠩᠭᠢᠰᠤ᠂ ᠬᠠᠯᠢᠭᠤ᠂ ᠪᠤᠯᠠᠭ᠎ᠠ᠂ ᠵᠢᠭᠠᠰᠤ᠂ ᠭᠠᠯᠠᠭᠤ᠂ ᠨᠤᠭᠤᠰᠤ᠂ ᠭᠤᠷᠭᠤᠤᠯ᠂ ᠢᠲᠠᠭᠤ᠂ ᠲᠣᠭᠤᠳᠠᠭ᠂ ᠪᠦᠷᠭᠦᠳ᠂ ᠡᠯᠢᠶ᠎ᠡ᠂ ᠠᠯ ᠰᠡᠭᠦᠯ᠂ ᠬᠤᠨ ᠭᠠᠯᠠᠭᠤ᠂ ᠬᠥᠬᠦᠭᠡ ᠂ ᠲᠠᠭᠲᠠᠭ᠎ᠠ᠂ ᠴᠡᠭᠴᠡᠦᠬᠡᠢ᠂ ᠪᠣᠯᠵᠣᠮᠣᠷ ᠳᠤ ᠬᠦᠷᠲᠡᠯ᠎ᠡ ᠬᠡᠳᠦᠨ ᠠᠷᠪᠠᠨ ᠲᠥᠷᠥᠯ ᠤᠨ ᠠᠷᠢᠶᠠᠲᠠᠨ ᠭᠥᠷᠥᠭᠡᠰᠦ᠂ ᠥᠳᠥᠲᠡᠨ ᠵᠢᠭᠦᠷᠲᠡᠨ ᠲᠠᠢ᠃        ᠦᠵᠦᠮᠦᠴᠢᠨ ᠤ ᠭᠠᠶᠢᠬᠠᠮᠰᠢᠭᠲᠤ ᠰᠠᠶᠢᠬᠠᠨ ᠨᠤᠲᠤᠭ ᠳᠡᠪᠢᠰᠬᠡᠷ ᠪᠣᠯ ᠦᠵᠦᠮᠦᠴᠢᠨ ᠮᠣᠩᠭᠤᠯᠴᠤᠳ ᠤᠨ ᠤᠷᠲᠤ ᠬᠤᠭᠤᠴᠠᠭ᠎ᠠ ᠪᠠᠷ ᠪᠠᠶᠠᠨ ᠴᠢᠨᠡᠭᠡᠯᠢᠭ ᠠᠵᠤ ᠲᠥᠷᠥᠵᠦ ᠠᠮᠢᠳᠤᠷᠠᠭᠰᠠᠨ ᠤ ᠦᠨᠳᠦᠰᠦᠨ ᠰᠠᠭᠤᠷᠢ ᠡᠬᠢ ᠥᠪ ᠮᠥᠨ ᠤᠴᠢᠷ ᠲᠡᠳᠡ ᠳᠠᠷᠬᠠᠨ ᠨᠤᠲᠤᠭ ᠤᠨ ᠢᠶᠠᠨ ᠠᠭᠤᠯᠠ ᠬᠠᠶᠢᠷᠬᠠᠨ᠂ ᠭᠤᠣᠯ ᠪᠤᠯᠠᠭ᠂ ᠮᠣᠳᠣ ᠴᠢᠯᠠᠭᠤ᠂ ᠳᠠᠪᠤᠰᠤ ᠬᠤᠵᠢᠷ᠂ ᠡᠪᠡᠰᠦ ᠪᠡᠯᠴᠢᠭᠡᠷ᠂ ᠬᠥᠷᠥᠰᠥ ᠰᠢᠷᠣᠢ ᠵᠢᠴᠢ ᠠᠷᠢᠶᠠᠲᠠᠨ ᠭᠥᠷᠥᠭᠡᠰᠦ᠂ ᠭᠠᠯᠠᠭᠤ ᠰᠢᠪᠠᠭᠤ᠂ ᠵᠢᠭᠠᠰᠤ ᠵᠢᠷᠠᠭᠠᠬᠠᠢ ᠶᠢ ᠨᠢ ᠬᠦᠷᠲᠡᠯ᠎ᠡ ᠬᠠᠶᠢᠷᠠᠯᠠᠨ ᠬᠠᠮᠠᠭᠠᠯᠠᠵᠤ᠂ ᠡᠬᠡ ᠪᠠᠶᠢᠭᠠᠯᠢ ᠶᠢᠨ ᠮᠥᠩᠬᠡ ᠬᠥᠷᠥᠩᠭᠡ ᠪᠠᠨ ᠲᠠᠯᠬᠢᠭᠳᠠᠯ ᠰᠦᠢᠳᠦᠯ ᠦᠭᠡᠢ ᠬᠠᠳᠠᠭᠠᠯᠠᠭᠰᠠᠭᠠᠷ ᠢᠷᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号