| ᠠᠩ ᠠᠩᠨᠠᠯ ᠤᠨ ᠠᠵᠤ ᠠᠬᠤᠢ ᠪᠣᠯ ᠮᠣᠩᠭᠤᠯ ᠤᠨ ᠡᠷᠲᠡᠨ ᠤ ᠤᠯᠠᠮᠵᠢᠯᠠᠯᠲᠤ ᠠᠵᠤ ᠠᠬᠤᠢ ᠶᠢᠨ ᠴᠢᠬᠤᠯᠠ | ᠪᠦᠷᠢᠯᠳᠦᠬᠦᠨ ᠬᠡᠰᠡᠭ ᠮᠥᠨ᠃ ᠮᠣᠩᠭᠤᠯᠴᠤᠳ ᠮᠠᠯ ᠠᠵᠤ ᠠᠬᠤᠢ ᠡᠷᠬᠢᠯᠡᠬᠦ ᠶᠢᠨ ᠬᠠᠮᠲᠤ ᠠᠩ ᠠᠩᠨᠠᠭᠤᠷ ᠤᠨ | ᠠᠵᠤ ᠠᠬᠤᠢ ᠶᠢ ᠠᠯᠢ ᠡᠷᠲᠡ ᠠᠴᠠ ᠪᠠᠨ ᠲᠠᠰᠤᠷᠠᠯᠲᠠ ᠦᠭᠡᠢ ᠡᠵᠡᠩᠨᠡᠵᠦ ᠢᠷᠡᠭᠰᠡᠨ ᠶᠤᠮ᠃ | | ᠮᠣᠩᠭᠤᠯᠴᠤᠳ ᠤᠨ ᠠᠩ ᠬᠤᠮᠣᠷᠭ᠎ᠠ ᠭᠡᠳᠡᠭ ᠠᠵᠤ ᠠᠬᠤᠢ ᠶᠢᠨ ᠠᠷᠭ᠎ᠠ ᠪᠠᠷᠢᠯ᠂ ᠠᠮᠢᠳᠤᠷᠠᠯ ᠤᠨ ᠵᠠᠩ | ᠦᠢᠯᠡ ᠶᠢ ︽ᠮᠣᠩᠭᠤᠯ ᠤᠨ ᠨᠢᠭᠤᠴᠠ ᠲᠣᠪᠴᠢᠶᠠᠨ︾ ᠳᠤ ᠡᠬᠢᠯᠡᠬᠦ ᠠᠴᠠ ᠲᠡᠭᠦᠰᠲᠡᠯ᠎ᠡ ᠮᠠᠰᠢ ᠣᠯᠠᠨ | ᠲᠡᠮᠳᠡᠭᠯᠡᠭᠰᠡᠨ ᠪᠠᠶᠢᠳᠠᠭ᠃ ᠡᠨᠡ ᠠᠷᠭ᠎ᠠ ᠪᠠᠷᠢᠯ ᠵᠠᠩ ᠦᠢᠯᠡ ᠶᠢ ᠮᠣᠩᠭᠤᠯᠴᠤᠳ᠂ ᠠᠮᠢᠳᠤᠷᠠᠯ ᠦᠢᠯᠡᠳᠪᠦᠷᠢᠯᠡᠯ ᠤᠨ | ᠶᠠᠪᠤᠴᠠ ᠳᠤᠮᠳᠠ ᠪᠠᠨ ᠦᠶ᠎ᠡ ᠤᠯᠠᠷᠢᠨ ᠬᠠᠳᠠᠭᠠᠯᠠᠵᠤ ᠢᠷᠡᠭᠰᠡᠨ ᠤ ᠬᠠᠮᠲᠤ ᠲᠠᠰᠤᠷᠠᠯᠲᠠ ᠦᠭᠡᠢ ᠬᠥᠭᠵᠢᠭᠦᠯᠵᠦ | ᠢᠷᠡᠵᠡᠢ᠃ | | ᠮᠣᠩᠭᠤᠯ ᠤᠨ ᠠᠩ ᠠᠩᠨᠠᠯ ᠤᠨ ᠠᠵᠤ ᠠᠬᠤᠢ᠂ ᠦᠵᠦᠮᠦᠴᠢᠨ ᠮᠣᠩᠭᠤᠯᠴᠤᠳ ᠤᠨ ᠳᠤᠮᠳᠠ ᠨᠡᠩ ᠶᠡᠭᠡ | ᠪᠠᠷ ᠪᠠᠷᠢᠮᠲᠠᠯᠠᠭᠳᠠᠵᠤ᠂ ᠥᠪᠡᠷ ᠤᠨ ᠣᠨᠴᠠ ᠬᠡᠪ ᠨᠠᠮᠪᠠ ᠲᠠᠢ ︽ᠦᠵᠦᠮᠦᠴᠢᠨ ᠠᠩ︾ ᠤᠨ ᠬᠡᠯᠪᠡᠷᠢ ᠶᠢ ᠪᠣᠢ | ᠪᠣᠯᠭᠠᠵᠠᠢ᠃ | | ᠦᠵᠦᠮᠦᠴᠢᠨ ᠤ ᠤᠯᠠᠮᠵᠢᠯᠠᠯᠲᠤ ᠠᠩ ᠠᠩᠨᠠᠯ ᠤᠨ ᠦᠢᠯᠡᠰ ᠭᠤᠣᠯᠳᠠᠭᠤ ᠬᠤᠶᠠᠷ ᠲᠥᠷᠥᠯ ᠳᠤ | ᠬᠤᠪᠢᠶᠠᠭᠳᠠᠨ ᠶᠠᠪᠤᠭᠳᠠᠨ᠎ᠠ᠃ ᠨᠢᠭᠡ ᠨᠢ ︽ᠫᠤᠤ ᠶᠢᠨ ᠠᠩ︾᠂ ᠨᠥᠭᠦᠭᠡ ᠨᠢ ︽ᠨᠣᠬᠠᠢ ᠶᠢᠨ ᠠᠩ︾ ᠪᠣᠯᠣᠨ᠎ᠠ᠃ | | | ᠦᠵᠦᠮᠦᠴᠢᠨ ᠤ ᠬᠤᠶᠠᠷ ᠵᠦᠢᠯ ᠤᠨ ᠠᠩ ᠠᠩᠨᠠᠯ ᠤᠨ ᠦᠢᠯᠡᠰ ᠤᠨ ᠥᠷᠭᠡᠴᠡ ᠪᠠ ᠭᠦᠨᠴᠡ ᠨᠢ ᠲᠣᠩ | ᠶᠡᠭᠡ ᠬᠥᠭᠵᠢᠵᠡᠢ᠃ ᠡᠶᠢᠮᠦ ᠠᠴᠠ ᠠᠩ ᠠᠩᠨᠠᠯ ᠨᠢ ᠲᠡᠳᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠢ | ᠭᠠᠷᠭᠠᠪᠠᠯ᠂ ᠳᠡᠳ᠋ᠯᠡᠬᠦ ᠪᠠᠶᠢᠷᠢ ᠲᠠᠢ ᠲᠣᠮᠣ ᠠᠵᠤ ᠠᠬᠤᠢ ᠪᠠᠶᠢᠵᠤ᠂ ᠲᠡᠦᠬᠡᠨ ᠳᠡᠭᠡᠷ᠎ᠡ ᠠᠩ ᠭᠥᠷᠥᠭᠡ ᠶᠢᠨ | ᠣᠷᠣᠯᠭ᠎ᠠ ᠨᠢ ᠦᠵᠦᠮᠦᠴᠢᠨ ᠤ ᠦᠢᠯᠡᠳᠪᠦᠷᠢᠯᠡᠯ ᠠᠮᠢᠳᠤᠷᠠᠯ ᠤᠨ ᠦᠢᠯᠡᠰ ᠲᠤ ᠴᠢᠬᠤᠯᠠ ᠦᠢᠯᠡᠳᠦᠯ ᠭᠠᠷᠭᠠᠵᠤ | ᠢᠷᠠᠵᠠᠢ᠃ | | ᠦᠵᠦᠮᠦᠴᠢᠨ ᠤ ᠫᠤᠤ ᠶᠢᠨ ᠠᠩ ᠳᠤ ᠡᠷᠡᠭᠲᠡᠶᠢᠴᠦᠳ ᠣᠯᠠᠩᠬᠢ ᠳᠠᠭᠠᠨ ᠪᠦᠷ ᠫᠤᠤ ᠪᠠᠷᠢᠵᠤ ᠠᠩ ᠬᠢᠵᠦ | ᠴᠢᠳᠠᠳᠠᠭ᠃ ᠡᠷᠡᠭᠲᠡᠶᠢᠴᠦᠳ ᠤᠨ ᠳᠣᠲᠣᠷ᠎ᠠ ᠪᠠᠰᠠ ᠲᠤᠰᠬᠠᠶᠢᠯᠠᠨ ᠠᠩ ᠭᠥᠷᠥᠭᠡ ᠬᠢᠳᠡᠭ ︽ᠮᠡᠷᠭᠡᠨ ᠫᠤᠤᠴᠢ︾ | ᠲᠡᠦᠬᠡᠨ ᠠᠴᠠ ᠪᠠᠨ ᠦᠶ᠎ᠡ ᠦᠶ᠎ᠡ ᠭᠠᠷᠴᠤ ᠪᠠᠶᠢᠵᠠᠢ᠃ ᠲᠡᠳᠡᠨ ᠤ ᠫᠤᠤ ᠨᠢ ᠡᠷᠲᠡᠨ ᠳᠡᠭᠡᠨ ᠪᠦᠷ ︽ᠭᠠᠯ ᠫᠤᠤ︾ | ᠪᠠᠶᠢᠭᠰᠠᠨ ᠪᠠᠶᠢᠨ᠎ᠠ᠃ ᠭᠠᠯ ᠫᠤᠤ ᠶᠢ ᠬᠡᠷᠡᠭᠯᠡᠭᠡᠳ ᠲᠡᠳᠡ ᠪᠠᠷᠤᠭ ᠬᠡᠳᠦᠨ ᠵᠠᠭᠤᠨ ᠵᠢᠯ ᠪᠣᠯᠵᠠᠢ᠃ ᠦᠵᠦᠮᠦᠴᠢᠨ | ᠪᠠᠷᠠᠭᠤᠨ ᠭᠠᠷᠤᠨ ᠬᠤᠰᠢᠭᠤᠨ ᠤ ︽ᠢᠨᠵᠠᠭᠠᠨ ᠰᠦᠮ᠎ᠡ︾ ᠳᠤ ᠨᠢᠭᠡ ᠪᠢᠲᠡᠭᠦᠦ ᠪᠠᠷ ᠨᠢ ᠥᠪᠴᠢᠭᠰᠡᠨ ᠰᠢᠳᠦᠯᠡᠩ | ᠪᠠᠷᠰ ᠤᠨ ᠠᠷᠠᠰᠤ ︵1966 ᠣᠨ ᠤ ᠰᠣᠶᠣᠯ ᠤᠨ ᠬᠤᠪᠢᠰᠬᠠᠯ ᠳᠤ ᠬᠦᠷᠲᠡᠯ᠎ᠡ ᠪᠠᠶᠢᠪᠠ︶ ᠪᠠᠶᠢᠵᠠᠢ᠃ ᠲᠡᠭᠦᠨ ᠤ | ᠳᠣᠲᠣᠷ᠎ᠠ ᠨᠢ ᠡᠪᠡᠰᠦ ᠴᠢᠬᠢᠭᠡᠳ ᠲᠠᠯᠪᠢᠴᠢᠬᠠᠭᠰᠠᠨ ᠨᠢ ᠶᠠᠭ ᠠᠮᠢᠳᠤ ᠶᠤᠮᠰᠢᠭ᠃ ᠲᠡᠷᠡ ᠠᠷᠠᠰᠤ ᠶᠢ ᠢᠨᠵᠠᠭᠠᠨ | ᠰᠦᠮ᠎ᠡ ᠳᠤ ᠵᠢᠯ ᠪᠦᠷᠢ ᠶᠢᠨ ᠪᠢᠯᠢᠭ ᠤᠨ ᠤᠯᠠᠷᠢᠯ ᠤᠨ 10 ᠰᠠᠷ᠎ᠠ ᠶᠢᠨ 25 ᠤ ᠡᠳᠦᠷ ᠮᠠᠭᠠᠺᠠᠯᠠ ᠪᠤᠷᠬᠠᠨ ᠢ | ᠲᠠᠬᠢᠬᠤ ᠵᠤᠯᠠ ᠶᠢᠨ ᠬᠤᠷᠠᠯ ᠳᠡᠭᠡᠷ᠎ᠡ ᠭᠠᠷᠭᠠᠵᠤ ᠦᠵᠡᠭᠦᠯᠵᠦ ᠲᠠᠬᠢᠳᠠᠭ ᠪᠠᠶᠢᠪᠠ᠃ | | ᠲᠡᠷᠡ ᠠᠷᠠᠰᠤᠨ ᠳᠤ ᠫᠤᠤ ᠶᠢᠨ ᠰᠤᠮᠤ ᠨᠡᠪᠲᠡᠷᠡᠭᠰᠡᠨ ᠨᠦᠬᠡ ᠲᠠᠢ᠂ ᠲᠡᠭᠦᠨ ᠤ ᠳᠡᠷᠭᠡᠳᠡ ᠪᠠᠰᠠ ᠨᠢᠭᠡ ᠭᠠᠯ | ᠫᠤᠤ ᠶᠢ ᠲᠠᠯᠪᠢᠵᠤ ᠰᠢᠲᠦᠳᠡᠭ᠃ ᠡᠨᠡ ᠪᠠᠷᠰ ᠤᠨ ᠠᠷᠠᠰᠤ ᠪᠣᠯ 18 ᠳ᠋ᠤᠭᠠᠷ ᠵᠠᠭᠤᠨ ᠤ ᠦᠵᠦᠮᠦᠴᠢᠨ ᠤ ᠡᠮᠦᠨ᠎ᠡ | ᠬᠢᠩᠭ᠎ᠠ ᠶᠢᠨ ᠪᠣᠷᠣᠰᠣ ᠪᠡᠶ᠎ᠡ ᠶᠢᠨ ᠭᠠᠷᠮ᠎ᠠ ᠭᠡᠰᠡᠨ ᠡᠪᠦᠭᠡᠨ ᠠᠩᠴᠢᠨ ᠨᠠᠪᠲᠠᠭᠤᠯ ᠭᠡᠰᠡᠨ ᠭᠠᠵᠠᠷ ᠠᠴᠠ ᠫᠤᠤᠳᠠᠵᠤ | ᠠᠯᠠᠭᠠᠳ ᠠᠷᠠᠰᠤ ᠫᠤᠤ ᠬᠤᠶᠠᠷ ᠢᠶᠠᠨ ᠢᠨᠵᠠᠭᠠᠨ ᠰᠦᠮ᠎ᠡ ᠳᠤ ᠡᠷᠭᠦᠵᠡᠢ᠃ | | ᠦᠵᠦᠮᠦᠴᠢᠨ ᠳᠤ ᠪᠠᠷᠰ ᠠᠯᠠᠭᠰᠠᠨ ᠶᠠᠪᠤᠳᠠᠯ ᠪᠣᠯ ᠭᠡᠨᠡᠳᠲᠡ ᠪᠠᠷ ᠲᠣᠬᠢᠶᠠᠯᠳᠤᠳᠠᠭ ᠬᠡᠷᠡᠭ᠃ ᠦᠵᠦᠮᠦᠴᠢᠨ | ᠤ ᠲᠡᠦᠬᠡᠨ ᠳᠤ ᠭᠠᠷᠮ᠎ᠠ᠂ ᠨᠤᠶᠢᠷᠤᠪ᠂ ᠴᠠᠭᠠᠨᠵᠠᠭᠠᠨ ᠭᠤᠷᠪᠠ ᠪᠠᠷᠰ ᠠᠯᠠᠵᠤ ᠥᠩᠭᠡᠷᠡᠵᠡᠢ᠃ ᠲᠡᠭᠦᠨ ᠤ ᠲᠦᠷᠦᠭᠦᠦ | ᠬᠤᠶᠠᠷ ᠨᠢ ᠪᠦᠷ ᠫᠤᠤ ᠪᠠᠷ ᠠᠯᠠᠭᠰᠠᠨ ᠪᠠᠶᠢᠵᠠᠢ᠃ ᠪᠠᠷᠰ ᠪᠣᠯ ᠡᠷᠲᠡᠨ ᠠᠴᠠ ᠪᠠᠨ ᠠᠯᠠᠬᠤ ᠳᠤ ᠴᠡᠭᠡᠷ ᠲᠠᠢ ᠲᠠᠷᠬᠠᠨ | ᠴᠠᠭᠠᠵᠠ ᠲᠠᠢ ᠠᠮᠢᠲᠠᠨ᠂ ᠲᠡᠳᠡᠨ ᠤ ᠪᠠᠷᠰ ᠠᠯᠠᠭᠰᠠᠨ ᠨᠢ ᠪᠦᠷ ᠭᠡᠨᠡᠳᠲᠡ ᠶᠢᠨ ᠬᠡᠷᠡᠭ᠂ ᠪᠠᠴᠢᠮ ᠲᠣᠬᠢᠶᠠᠯᠳᠤᠭᠰᠠᠨ | ᠤᠴᠢᠷ ᠪᠠᠶᠢᠪᠠ᠃ ᠡᠶᠢᠮᠦ ᠠᠴᠠ ᠠᠩᠨᠠᠭᠰᠠᠨ ᠤ ᠳᠠᠷᠠᠭ᠎ᠠ ᠠᠷᠠᠰᠤ ᠫᠤᠤ ᠶᠢ ᠰᠦᠮ᠎ᠡ ᠪᠤᠷᠬᠠᠨ ᠳᠤ ᠡᠷᠭᠦᠭᠰᠡᠨ | ᠪᠠᠶᠢᠵᠠᠢ᠃ | | ᠭᠡᠪᠡᠴᠦ ᠦᠵᠦᠮᠦᠴᠢᠨ ᠳᠤ ᠫᠤᠤ ᠪᠠᠷ ᠪᠠᠷᠰ ᠬᠦᠷᠲᠡᠯ᠎ᠡ ᠠᠯᠠᠵᠤ ᠪᠠᠶᠢᠭᠰᠠᠨ ᠨᠢ ᠦᠵᠦᠮᠦᠴᠢᠨ ᠤ ᠫᠤᠤ ᠶᠢᠨ | ᠠᠩ ᠤᠨ ᠬᠥᠭᠵᠢᠯᠲᠡ ᠠᠯᠢ ᠡᠷᠲᠡ ᠲᠣᠩ ᠶᠡᠭᠡ ᠬᠥᠭᠵᠢᠭᠰᠡᠨ ᠢ ᠬᠠᠷᠠᠭᠤᠯᠳᠠᠭ᠃ | | ᠦᠵᠦᠮᠦᠴᠢᠨ ᠤ ᠫᠤᠤ ᠶᠢᠨ ᠠᠩ ᠢ ᠭᠤᠣᠯᠳᠠᠭᠤ ᠴᠢᠨ᠋ᠸ᠎ᠠ ᠠᠯᠠᠬᠤ᠂ ᠪᠤᠭᠤ ᠠᠯᠠᠬᠤ᠂ ᠭᠥᠷᠥᠭᠡᠰᠦ ᠠᠯᠠᠬᠤ᠂ | ᠴᠠᠭᠠᠨ ᠵᠡᠭᠡᠷ᠎ᠡ ᠠᠯᠠᠬᠤ᠂ ᠬᠡᠭᠡᠷ᠎ᠡ ᠶᠢᠨ ᠭᠠᠭ᠋ᠠᠢ ᠠᠯᠠᠬᠤ᠂ ᠲᠠᠷᠪᠠᠭ᠎ᠠ ᠠᠯᠠᠬᠤ ᠳᠤ ᠵᠣᠷᠢᠭᠤᠯᠵᠤ ᠬᠢᠳᠡᠭ᠃ ᠡᠨᠡ ᠨᠢ | ᠪᠦᠷ ᠠᠩ ᠠᠩᠨᠠᠯ ᠤᠨ ᠦᠢᠯᠡᠳᠪᠦᠷᠢᠯᠡᠯ ᠤᠨ ᠴᠢᠨᠠᠷ ᠲᠠᠢ ᠠᠵᠢᠯᠯᠠᠭ᠎ᠠ ᠶᠤᠮ᠃ | | ᠦᠵᠦᠮᠦᠴᠢᠨ ᠤ ᠨᠣᠬᠠᠢ ᠶᠢᠨ ᠠᠩ ᠪᠣᠯ ᠨᠡᠶᠢᠳᠡᠮ ᠤᠨ ᠴᠢᠨᠠᠷ ᠲᠠᠢ᠂ ᠲᠣᠩ ᠥᠷᠭᠡᠨ ᠬᠡᠮᠵᠢᠶ᠎ᠡ ᠪᠠᠷ ᠬᠢᠳᠡᠭ | ᠨᠡᠶᠢᠭᠡᠮ ᠤᠨ ᠠᠩ ᠠᠩᠨᠠᠯ ᠤᠨ ᠠᠵᠢᠯᠯᠠᠭ᠎ᠠ ᠶᠤᠮ᠃ ᠦᠵᠦᠮᠦᠴᠢᠨ ᠤ ᠡᠷᠡᠭᠲᠡᠢ ᠬᠡᠦᠬᠡᠳ 7 ~ 8 ᠨᠠᠰᠤ ᠬᠦᠷᠴᠦ | ᠂ ᠮᠣᠷᠢ ᠤᠨᠤᠵᠤ ᠰᠤᠷᠤᠭᠰᠠᠭᠠᠷ ᠠᠬᠠᠮᠠᠳ ᠢᠶᠠᠨ ᠳᠠᠭᠠᠵᠤ ᠨᠣᠬᠠᠢ ᠳᠠᠭᠠᠭᠤᠯᠵᠤ ᠠᠩ ᠭᠥᠷᠥᠭᠡ ᠬᠢᠵᠦ ᠡᠬᠢᠯᠡᠳᠡᠭ᠃ | | ᠨᠣᠬᠠᠢ ᠶᠢᠨ ᠠᠩ ᠢ ᠭᠤᠣᠯᠳᠠᠭᠤ ᠨᠣᠬᠠᠢ ᠶᠢᠨ ᠴᠢᠳᠠᠪᠬᠢ ᠣᠨᠴᠠᠯᠢᠭ ᠠᠴᠠ ᠪᠣᠯᠵᠤ᠂ ᠴᠢᠨ᠋ᠸ᠎ᠠ ᠠᠯᠠᠬᠤ᠂ | ᠦᠨᠡᠭᠡ ᠠᠯᠠᠬᠤ᠂ ᠭᠠᠭ᠋ᠠᠢ ᠠᠯᠠᠬᠤ᠂ ᠮᠠᠩᠭᠢᠰᠤ ᠠᠯᠠᠬᠤ᠂ ᠬᠢᠷᠰᠠ ᠱᠠᠬᠠᠷ ᠠᠯᠠᠬᠤ᠂ ᠡᠯᠪᠡᠩᠬᠦ ᠠᠯᠠᠬᠤ᠂ | ᠱᠥᠯᠦᠪᠠᠰᠦ ᠠᠯᠠᠬᠤ ᠳᠤ ᠭᠤᠣᠯ ᠪᠣᠯᠭᠠᠵᠤ ᠬᠢᠳᠡᠭ᠃ | | ᠦᠵᠦᠮᠦᠴᠢᠨ ᠤ ᠠᠩ ᠠᠩᠨᠠᠭᠤᠷ ᠤᠨ ᠠᠵᠤ ᠠᠬᠤᠢ ᠨᠢ ᠲᠡᠳᠡᠨ ᠤ ᠦᠢᠯᠡᠳᠪᠦᠷᠢᠯᠡᠯ ᠠᠮᠢᠳᠤᠷᠠᠯ ᠤᠨ | ᠴᠢᠬᠤᠯᠠ ᠪᠦᠷᠢᠯᠳᠦᠬᠦᠨ ᠬᠡᠰᠡᠭ᠂ ᠵᠣᠬᠢᠬᠤ ᠦᠢᠯᠡᠳᠪᠦᠷᠢᠯᠡᠯ ᠤᠨ ᠠᠵᠢᠯᠯᠠᠭ᠎ᠠ ᠪᠠᠶᠢᠳᠠᠭ ᠠᠴᠠ ᠦᠵᠦᠮᠦᠴᠢᠨ | ᠮᠣᠩᠭᠤᠯᠴᠤᠳ ᠠᠩ ᠭᠥᠷᠥᠭᠡ ᠬᠢᠬᠦ ᠳᠡᠭᠡᠨ ᠪᠦᠷ ᠠᠩ ᠠᠩᠨᠠᠯ ᠤᠨ ᠦᠢᠯᠡᠳᠪᠦᠷᠢᠯᠡᠯ ᠤᠨ ᠵᠢᠮ᠎ᠡ ᠶᠣᠰᠣ ᠶᠢᠨ | ᠳᠣᠲᠣᠷ᠎ᠠ ᠶᠠᠪᠤᠭᠤᠯᠳᠠᠭ᠃ ᠲᠡᠳᠡᠨ ᠤ ᠠᠩ ᠤᠨ ᠠᠵᠢᠯᠯᠠᠭ᠎ᠠ ᠨᠢ ᠲᠣᠭᠲᠠᠭᠰᠠᠨ ᠳᠦᠷᠢᠮ ᠭᠤᠷᠢᠮ ᠲᠠᠢ ᠥᠨᠳᠥᠷ | ᠦᠷ᠎ᠡ ᠠᠰᠢᠭ ᠲᠠᠢ ᠠᠩ ᠠᠩᠨᠠᠯ ᠪᠠᠶᠢᠳᠠᠭ ᠃ ᠡᠭᠦᠨ ᠳᠤ᠄ | | 1᠂ ᠴᠢᠨ᠋ᠸ᠎ᠠ ᠶᠢᠨ ᠠᠩ᠄ ᠴᠢᠨ᠋ᠸ᠎ᠠ ᠶᠢᠨ ᠠᠩ ᠢ ᠦᠵᠦᠮᠦᠴᠢᠨ ᠳᠤ ᠪᠠᠶᠢᠩᠭᠤ ᠶᠢᠨ ᠴᠢᠨᠠᠷ ᠲᠠᠢ ᠬᠢᠳᠡᠭ᠃ | ᠤᠴᠢᠷ ᠨᠢ ᠴᠢᠨ᠋ᠸ᠎ᠠ ᠦᠵᠦᠮᠦᠴᠢᠨ ᠳᠤ ᠲᠣᠩ ᠡᠯᠪᠡᠭ ᠪᠠᠶᠢᠳᠠᠭ ᠮᠢᠬᠠᠴᠢᠨ ᠠᠮᠢᠲᠠᠨ ᠶᠤᠮ᠂ ᠴᠢᠨ᠋ᠸ᠎ᠠ ᠪᠣᠯ ᠤᠬᠠᠭᠠᠨ | ᠰᠡᠷᠭᠡᠭ᠂ ᠴᠢᠳᠠᠯ ᠶᠡᠭᠡ᠂ ᠠᠮᠢ ᠪᠥᠬᠡ᠂ ᠪᠡᠶ᠎ᠡ ᠪᠠᠨ ᠬᠠᠮᠠᠭᠠᠯᠠᠬᠤ ᠴᠢᠨᠠᠷ ᠢᠶᠠᠷ ᠣᠨᠴᠤᠭᠤᠢ ᠪᠥᠭᠡᠳ ᠦᠷᠡᠵᠢᠬᠦ ᠨᠢ | ᠲᠣᠩ ᠠᠷᠪᠢᠨ᠂ ᠥᠰᠬᠦ ᠨᠢ ᠲᠦᠷᠭᠡᠨ᠂ ᠦᠷᠭᠦᠯᠵᠢ ᠶᠢᠨ ᠴᠢᠨᠠᠷ ᠲᠠᠢ ᠮᠠᠯ ᠰᠦᠷᠦᠭ ᠲᠤ ᠣᠷᠣᠵᠤ ᠶᠡᠭᠡ ᠬᠡᠮᠵᠢᠶ᠎ᠡ | ᠪᠠᠷ ᠪᠠᠷᠠᠯᠠᠵᠤ ᠢᠳᠡᠬᠦ ᠪᠤᠶᠤ ᠪᠠᠷᠢᠵᠤ ᠬᠠᠶᠠᠳᠠᠭ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠠᠶᠤᠯᠲᠤ ᠳᠠᠶᠢᠰᠤᠨ | ᠪᠠᠶᠢᠵᠤ᠂ ᠮᠠᠯ ᠠᠵᠤ ᠠᠬᠤᠢ ᠶᠢᠨ ᠦᠢᠯᠡᠳᠪᠦᠷᠢᠯᠡᠯ ᠢ ᠬᠦᠨᠳᠦ ᠨᠣᠴᠢᠲᠠᠢ ᠬᠤᠬᠢᠷᠠᠭᠤᠯᠳᠠᠭ᠃ ᠨᠡᠩ ᠴᠦ ᠬᠠᠷᠠᠩᠭᠤᠢ | ᠰᠥᠨᠢ᠂ ᠵᠤᠳ ᠰᠢᠭᠤᠷᠭᠠᠨ ᠲᠠᠢ ᠪᠠᠴᠢᠮ ᠦᠶ᠎ᠡ ᠲᠣᠩ ᠰᠢᠷᠦᠭᠦᠰᠬᠦ ᠪᠥᠭᠡᠳ ᠪᠡᠯᠴᠢᠭᠡᠷ ᠤᠨ ᠮᠠᠯ ᠠᠵᠤ ᠠᠬᠤᠢ | ᠶᠢᠨ ᠦᠢᠯᠡᠳᠪᠦᠷᠢᠯᠡᠯ ᠳᠤ ᠬᠤᠣᠷ ᠬᠥᠨᠥᠭᠡᠯ ᠨᠢ ᠨᠡᠩ ᠶᠡᠭᠡ ᠶᠤᠮ᠃ ᠡᠶᠢᠮᠦ ᠠᠴᠠ ᠬᠥᠮᠥᠰ ︽ᠴᠢᠨ᠋ᠸ᠎ᠠ ᠪᠣᠷᠣᠭᠠᠨ | ᠳᠤ᠂ ᠮᠠᠭᠤ ᠬᠥᠮᠥᠨ ᠴᠢᠯᠦᠭᠡᠨ ᠳᠤ︾ ᠭᠡᠵᠦ ᠵᠦᠢᠷᠯᠡᠭᠰᠡᠨ ᠪᠠᠶᠢᠨ᠎ᠠ᠃ | | ᠮᠠᠯ ᠠᠵᠤ ᠠᠬᠤᠢ ᠶᠢᠨ ᠦᠢᠯᠡᠳᠪᠦᠷᠢᠯᠡᠯ ᠳᠤ ︽ᠳᠥᠷᠪᠡᠨ ᠵᠦᠢᠯ ᠤᠨ ᠬᠤᠬᠢᠷᠠᠯ︾ ᠬᠤᠪᠢᠶᠠᠳᠠᠭ᠃ | ᠲᠡᠭᠦᠨ ᠤ ᠨᠢᠭᠡ ᠨᠢ ᠴᠢᠨ᠋ᠸ᠎ᠠ ᠶᠢᠨ ᠬᠤᠬᠢᠷᠠᠯ ᠪᠣᠯᠣᠨ᠎ᠠ᠃ ᠡᠶᠢᠮᠦ ᠠᠴᠠ ᠴᠢᠨ᠋ᠸ᠎ᠠ ᠠᠪᠠᠯᠠᠬᠤ ᠠᠩ ᠬᠢᠬᠦ ᠪᠣᠯ ᠨᠢᠭᠡ | ᠵᠦᠢᠯ ᠤᠨ ᠮᠠᠯ ᠰᠦᠷᠦᠭ ᠢ ᠮᠡᠨᠳᠦ ᠬᠠᠮᠠᠭᠠᠯᠠᠵᠤ᠂ ᠮᠠᠯ ᠠᠵᠤ ᠠᠬᠤᠢ ᠦᠢᠯᠡᠳᠪᠦᠷᠢᠯᠡᠯ ᠤᠨ ᠬᠥᠭᠵᠢᠯᠲᠡ ᠶᠢ | ᠪᠠᠲᠤᠯᠠᠬᠤ ᠦᠢᠯᠡᠳᠪᠦᠷᠢᠯᠡᠯ ᠤᠨ ᠠᠵᠢᠯᠯᠠᠭ᠎ᠠ ᠮᠥᠨ᠃ ᠴᠢᠨ᠋ᠸ᠎ᠠ ᠶᠢᠨ ᠠᠩ ᠢ ᠳᠥᠷᠪᠡᠨ ᠤᠯᠠᠷᠢᠯ ᠳᠤ ᠪᠦᠷ ᠬᠢᠳᠡᠭ | ᠪᠠᠶᠢᠨ᠎ᠠ᠃ ᠡᠨᠡ ᠨᠢ ᠮᠠᠯᠵᠢᠬᠤ ᠦᠢᠯᠡᠳᠪᠦᠷᠢᠯᠡᠯ ᠤᠨ ᠠᠰᠢᠭ ᠲᠤᠰᠠ ᠠᠴᠠ ᠪᠣᠯᠣᠭᠰᠠᠨ ᠶᠤᠮ᠃ | | ᠡᠭᠦᠨ ᠠᠴᠠ ᠭᠠᠳᠠᠨ᠎ᠠ ᠴᠢᠨ᠋ᠸ᠎ᠠ ᠶᠢᠨ ᠥᠪᠴᠢ ᠪᠡᠶ᠎ᠡ ᠪᠣᠯ ᠡᠷᠳᠡᠨᠢ ᠪᠠᠶᠢᠳᠠᠭ᠃ ᠠᠷᠠᠰᠤ ᠨᠢ ᠪᠥᠬᠡ᠂ | ᠳᠤᠯᠠᠭᠠᠨ᠂ ᠭᠤᠶᠣ᠂ ᠳᠡᠭᠡᠳᠦ ᠳᠡᠰ ᠤᠨ ᠬᠤᠪᠴᠠᠰᠤ ᠬᠢᠨ᠎ᠡ᠃ ᠨᠠᠰᠤᠲᠠᠶᠢᠴᠤᠳ ᠲᠤ ᠳᠡᠪᠢᠰᠬᠡᠷ ᠬᠢᠪᠡᠯ ᠴᠢᠬᠢᠭ | ᠨᠣᠶᠢᠲᠠᠨ ᠢ ᠰᠡᠷᠭᠡᠶᠢᠯᠡᠵᠦ ᠬᠠᠯᠠᠭᠤᠨ ᠳᠤᠯᠠᠭᠠᠨ ᠪᠠᠶᠢᠳᠠᠭ᠃ ︽ᠶᠢᠰᠦᠨ ᠰᠠᠷ᠎ᠠ ᠶᠢᠨ ᠦᠨᠡᠭᠡ ᠶᠢᠨ ᠠᠷᠠᠰᠤ᠂ | ᠠᠷᠪᠠᠨ ᠰᠠᠷ᠎ᠠ ᠶᠢᠨ ᠴᠢᠨ᠋ᠸ᠎ᠠ ᠶᠢᠨ ᠠᠷᠠᠰᠤ︾ ᠭᠡᠵᠦ ᠦᠨᠡᠭᠡᠨ ᠠᠷᠠᠰᠤ ᠲᠠᠢ ᠵᠦᠢᠷᠯᠡᠳᠡᠭ᠃ ᠲᠠᠸᠠᠷᠯᠠᠵᠤ | ᠬᠤᠳᠠᠯᠳᠤᠬᠤ ᠳᠤ ᠦᠨ᠎ᠡ ᠥᠷᠲᠡᠭ ᠰᠠᠶᠢᠨ᠃ ᠮᠢᠬ᠎ᠠ᠂ ᠥᠭᠡᠬᠦ᠂ ᠴᠢᠰᠤ᠂ ᠰᠥᠰᠥ ᠂ ᠬᠡᠯᠡ᠂ ᠬᠤᠳᠣᠭᠤᠳᠤ᠂ | ᠪᠠᠭᠠᠰᠤ ᠨᠢ ᠪᠦᠷ ᠮᠣᠩᠭᠤᠯ ᠡᠮ ᠤᠨ ᠪᠠ ᠨᠤᠲᠤᠭ ᠤᠨ ᠡᠮᠨᠡᠯᠭᠡ ᠶᠢᠨ ᠦᠨᠡᠲᠦ ᠡᠬᠢ ᠮᠠᠲ᠋ᠧᠷᠢᠶᠠᠯ ᠪᠣᠯᠣᠨ᠎ᠠ᠃ | | ᠴᠢᠨ᠋ᠸ᠎ᠠ ᠠᠩᠨᠠᠬᠤ ᠳᠤ᠂ ᠴᠢᠨ᠋ᠸ᠎ᠠ ᠶᠢᠨ ᠨᠢᠭᠡᠳᠦᠭᠡᠷ ᠠᠩᠨᠠᠯᠲᠠ ᠶᠢᠨ ᠴᠠᠭ ᠬᠤᠭᠤᠴᠠᠭ᠎ᠠ ᠪᠣᠯ 10 ~12 | ᠰᠠᠷ᠎ᠠ ᠪᠣᠯᠣᠨ᠎ᠠ᠃ ᠡᠨᠡ ᠦᠶ᠎ᠡ ᠪᠣᠯ ᠦᠵᠦᠮᠦᠴᠢᠨ ᠳᠤ ᠴᠠᠰᠤ ᠣᠷᠣᠵᠤ ᠲᠣᠭᠲᠠᠭᠠᠳ ᠠᠮᠢᠲᠠᠨ ᠤ ᠮᠥᠷ ᠭᠠᠷᠴᠤ | ᠮᠥᠷ ᠬᠥᠭᠡᠭᠡᠵᠦ ᠠᠩᠨᠠᠬᠤ ᠳᠤ ᠠᠰᠢᠭᠲᠠᠢ ᠴᠠᠭ ᠪᠣᠯᠣᠨ᠎ᠠ᠃ ᠴᠢᠨ᠋ᠸ᠎ᠠ ᠶᠢᠨ ᠣᠷᠤᠭ᠎ᠠ ᠶᠢᠨ ᠬᠤᠭᠤᠴᠠᠭ᠎ᠠ ᠪᠣᠯᠵᠤ | ᠰᠦᠷᠦᠭᠯᠡᠵᠦ ᠶᠠᠪᠤᠳᠠᠭ᠃ ᠪᠠᠰᠠ ᠡᠨᠡ ᠦᠶ᠎ᠡ ᠳᠤ ᠠᠷᠠᠰᠤᠨ ᠤ ᠬᠡᠷᠡᠭᠴᠡᠭᠡ ᠪᠠ ᠴᠢᠨ᠋ᠸ᠎ᠠ ᠨᠣᠬᠠᠢ ᠠᠴᠠ ᠮᠠᠯ ᠰᠦᠷᠦᠭ | ᠢᠶᠠᠨ ᠬᠠᠮᠠᠭᠠᠯᠠᠬᠤ ᠦᠢᠯᠡᠳᠪᠦᠷᠢᠯᠡᠯ ᠤᠨ ᠬᠡᠷᠡᠭᠴᠡᠭᠡ ᠤᠶᠠᠯᠳᠤᠬᠤ ᠮᠥᠷᠲᠡᠭᠡᠨ ᠫᠤᠤ ᠨᠣᠬᠠᠢ ᠪᠠᠷ ᠠᠩᠨᠠᠬᠤ ᠳᠤ ᠪᠦᠷ | ᠲᠣᠬᠢᠷᠠᠮᠵᠢᠲᠠᠢ ᠶᠤᠮ᠃ ᠴᠢᠨ᠋ᠸ᠎ᠠ ᠶᠢᠨ ᠬᠤᠶᠠᠳᠤᠭᠠᠷ ᠠᠩᠨᠠᠯᠲᠠ ᠶᠢᠨ ᠬᠤᠭᠤᠴᠠᠭ᠎ᠠ ᠪᠣᠯ ᠬᠠᠪᠤᠷ ᠤᠨ ᠨᠡᠭᠡᠭᠡᠭᠰᠡᠨ | ᠬᠠᠩᠰᠢ ᠠᠴᠠ ᠡᠮᠦᠨ᠎ᠡ ᠠᠷᠪᠠ ᠬᠤᠨᠤᠭ ᠠᠴᠠ ᠡᠬᠢᠯᠡᠵᠦ᠂ ᠬᠤᠶᠢᠨ᠎ᠠ ᠠᠷᠪᠠ ᠬᠤᠨᠤᠭ ᠤᠨ ᠳᠣᠲᠣᠷ᠎ᠠ ᠪᠣᠯᠣᠨ᠎ᠠ᠃ | ᠡᠨᠡ ᠬᠤᠷᠢ ᠬᠤᠨᠤᠭ ᠤᠨ ᠴᠠᠭ ᠬᠤᠭᠤᠴᠠᠭᠠᠨ ᠳᠤ ᠴᠢᠨ᠋ᠸ᠎ᠠ ᠦᠨᠳᠦᠰᠦᠨ ᠳᠡᠭᠡᠨ ᠪᠡᠯᠲᠡᠷᠭᠡᠯᠡᠵᠦ ᠲᠡᠭᠦᠰᠦᠨ᠎ᠡ᠃ ᠡᠨᠡ | ᠬᠤᠭᠤᠴᠠᠭᠠᠨ ᠤ ᠠᠩ ᠪᠣᠯ ᠴᠢᠨ᠋ᠸ᠎ᠠ ᠶᠢ ᠰᠥᠨᠥᠭᠡᠯᠲᠡ ᠶᠢᠨ ᠴᠢᠨᠠᠷ ᠲᠠᠢ ᠦᠨᠳᠦᠰᠦ ᠲᠠᠰᠤᠯᠵᠤ ᠲᠤᠰᠬᠠᠢ | ᠤᠰᠠᠳᠬᠠᠬᠤ ᠠᠩ ᠪᠣᠯᠣᠨ᠎ᠠ᠃ ᠴᠢᠨ᠋ᠸ᠎ᠠ ᠬᠠᠪᠤᠷ ᠪᠡᠯᠲᠡᠷᠭᠡᠯᠡᠬᠦ ᠳᠡᠭᠡᠨ 7 ~14 ᠬᠤᠨᠤᠭ ᠤᠨ ᠳᠣᠲᠣᠷ᠎ᠠ᠂ | ᠳᠥᠭᠦᠮ ᠣᠬᠤᠷ ᠠᠭᠤᠵᠢᠮ ᠠᠷᠤᠬᠠᠯᠠᠭ ᠢᠯᠠ ᠭᠠᠵᠠᠷ ᠤᠨ ᠨᠦᠬᠡᠨ ᠡᠭᠦᠷ ᠲᠤ ᠪᠡᠯᠲᠡᠷᠭᠡᠯᠡᠳᠡᠭ᠃ ᠡᠨᠡ ᠨᠢ ᠴᠢᠨ᠋ᠸ᠎ᠠ | ᠶᠢᠨ ᠪᠡᠯᠲᠡᠷᠭᠡ ᠪᠣᠷᠪᠢ ᠨᠢᠳᠦ ᠪᠠᠨ ᠨᠡᠭᠡᠭᠡᠬᠦ ᠠᠴᠠ ᠡᠮᠦᠨ᠎ᠡ ᠤᠬᠠᠭᠠᠨ ᠮᠡᠳᠡᠷᠡᠮᠵᠢ ᠣᠷᠣᠭᠠᠳᠤᠢ᠂ ᠬᠡᠴᠡᠭᠦᠦ ᠨᠦᠬᠡᠨ | ᠳᠤ ᠵᠤᠯᠵᠠᠭᠠᠯᠠᠪᠠᠯ ᠡᠬᠡ ᠪᠡᠯᠲᠡᠷᠭᠡ ᠠᠭᠤᠯᠵᠠᠬᠤ ᠦᠭᠡᠢ ᠪᠣᠯᠵᠤ᠂ ᠵᠤᠯᠵᠠᠭ᠎ᠠ ᠨᠦᠬᠡᠨ ᠤ ᠲᠠᠷᠢᠬᠢᠨ ᠳᠤ ᠬᠦᠷᠴᠦ | ᠥᠯᠥᠰᠴᠦ ᠥᠯᠪᠡᠷᠴᠦ ᠰᠦᠢᠳᠬᠡᠬᠦ ᠠᠴᠠ ᠰᠡᠷᠭᠡᠶᠢᠯᠡᠭᠰᠡᠨ ᠪᠠᠶᠢᠨ᠎ᠠ᠃14 ~21 ᠬᠤᠨᠤᠭ ᠤᠨ ᠬᠤᠭᠤᠴᠠᠭᠠᠨ ᠳᠤ | ᠡᠬᠡ ᠵᠤᠯᠵᠠᠭ᠎ᠠ ᠳᠠᠭᠤ ᠠᠪᠤᠯᠴᠠᠬᠤ ᠪᠣᠯᠣᠭᠰᠠᠭᠠᠷ ᠲᠣᠩ ᠬᠡᠴᠡᠭᠦᠦ ᠨᠦᠬᠡᠨ ᠳᠤ ᠰᠢᠯᠵᠢᠭᠦᠯᠵᠦ᠂ ᠮᠣᠳᠣ | ᠨᠠᠪᠴᠢᠯᠠᠭᠰᠠᠭᠠᠷ ᠪᠠᠰᠠ ᠪᠡᠯᠲᠡᠷᠭᠡ ᠪᠠᠨ ᠳᠠᠭᠠᠭᠤᠯᠵᠤ ᠶᠡᠭᠡ ᠲᠦᠩ ᠮᠣᠳᠣᠨ ᠳᠤ ᠣᠷᠣᠳᠠᠭ᠃ ᠡᠶᠢᠮᠦ ᠠᠴᠠ᠂ | ᠡᠭᠦᠨ ᠠᠴᠠ ᠡᠮᠦᠨ᠎ᠡ ᠬᠠᠩᠰᠢ ᠶᠢᠨ ᠡᠮᠦᠨ᠎ᠡ ᠬᠤᠶᠢᠨ᠎ᠠ᠂ ᠴᠢᠨ᠋ᠸ᠎ᠠ ᠶᠢᠨ ᠨᠢᠯᠬ᠎ᠠ ᠳᠡᠭᠡᠷ᠎ᠡ ᠵᠠᠪᠳᠤᠵᠤ ᠠᠩᠨᠠᠬᠤ ᠨᠢ | ᠠᠰᠢᠭᠲᠠᠢ᠃ ᠡᠨᠡ ᠦᠶ᠎ᠡ ᠳᠤ ᠨᠢᠭᠡ ᠡᠮ᠎ᠡ ᠴᠢᠨ᠋ᠸ᠎ᠠ ᠣᠯᠠᠩᠬᠢ ᠳᠠᠭᠠᠨ 5 ~7 ᠠᠴᠠ ᠳᠡᠭᠡᠭᠰᠢ ᠬᠠᠮᠤᠭ ᠠᠷᠪᠢᠨ | ᠳᠠᠭᠠᠨ 13 ~14 ᠪᠡᠯᠲᠡᠷᠭᠡ ᠭᠠᠷᠳᠠᠭ᠃ ᠴᠢᠨ᠋ᠸ᠎ᠠ ᠶᠢ ᠪᠡᠯᠲᠡᠷᠭᠡᠯᠡᠬᠦ ᠶᠢᠨ ᠡᠬᠢᠨ ᠳᠤ ᠠᠩᠨᠠᠬᠤ ᠨᠢ ᠪᠡᠯᠲᠡᠷᠭᠡ ᠶᠢ | ᠬᠢᠯᠪᠠᠷ ᠳᠥᠭᠦᠮ ᠨᠦᠬᠡᠨ ᠳᠤ ᠪᠠᠶᠢᠬᠤ ᠳᠤᠨᠢ ᠪᠦᠬᠦᠨ ᠢ ᠤᠰᠠᠳᠬᠠᠬᠤ ᠳᠤ ᠠᠮᠤᠷ ᠪᠥᠭᠡᠳ ᠴᠢᠨᠠᠭᠰᠢᠯᠠᠪᠠᠯ ᠡᠬᠡ | ᠡᠴᠢᠭᠡ ᠲᠠᠢ ᠨᠢ ᠦᠨᠳᠦᠰᠦ ᠪᠠᠷ ᠨᠢ ᠤᠰᠠᠳᠬᠠᠬᠤ ᠪᠣᠯᠣᠯᠴᠠᠭ᠎ᠠ ᠲᠠᠢ ᠪᠠᠶᠢᠳᠠᠭ᠃ | | ᠡᠶᠢᠮᠦ ᠠᠴᠠ ᠬᠠᠩᠰᠢ ᠶᠢᠨ ᠡᠮᠦᠨ᠎ᠡ ᠬᠤᠶᠢᠨᠠᠬᠢ 20 ᠬᠤᠨᠤᠭ ᠨᠢᠭᠡ ᠰᠠᠷ᠎ᠠ ᠳᠤ᠂ ᠦᠵᠦᠮᠦᠴᠢᠨ ᠳᠤ | ᠬᠥᠰᠬᠡ ᠮᠠᠶᠢᠬᠠᠨ ᠲᠠᠢ ᠠᠩ ᠢ ᠵᠣᠬᠢᠶᠠᠨ ᠪᠠᠶᠢᠭᠤᠯᠵᠤ᠂ ᠴᠢᠨ᠋ᠸ᠎ᠠ ᠤᠰᠠᠳᠬᠠᠬᠤ ᠲᠤᠰᠬᠠᠢ ᠠᠪᠠ ᠬᠢᠳᠡᠭ᠃ ᠬᠠᠪᠤᠷ | ᠤᠨ ᠠᠩ ᠪᠣᠯ ᠪᠦᠷᠢᠮᠦᠰᠦᠨ ᠦᠢᠯᠡᠳᠪᠦᠷᠢᠯᠡᠯ ᠤᠨ ᠴᠢᠨᠠᠷ ᠲᠠᠢ ᠴᠢᠨ᠋ᠸ᠎ᠠ ᠤᠰᠠᠳᠬᠠᠬᠤ ᠠᠩ ᠪᠣᠯᠣᠨ᠎ᠠ᠃ | | ᠡᠭᠦᠨ ᠠᠴᠠ ᠪᠤᠰᠤᠳ ᠴᠠᠭ ᠲᠤ᠂ ᠴᠢᠨ᠋ᠸ᠎ᠠ ᠶᠢᠨ ᠠᠩ ᠢ ᠡᠳᠦᠷ ᠲᠤᠲᠤᠮ ᠤᠨ ᠮᠠᠯ ᠬᠠᠮᠠᠭᠠᠯᠠᠬᠤ ᠴᠢᠬᠤᠯᠠ | ᠠᠵᠢᠯᠯᠠᠭ᠎ᠠ ᠪᠣᠯᠭᠠᠵᠤ ᠪᠠᠶᠢᠩᠭᠤ ᠶᠠᠪᠤᠭᠤᠯᠳᠠᠭ᠂ ᠨᠡᠩ ᠴᠦ ᠰᠥᠨᠢ ᠶᠢᠨ ᠮᠠᠨᠠᠭᠠᠴᠢᠨ ᠨᠠᠷ ᠮᠠᠯ ᠰᠦᠷᠦᠭ ᠮᠠᠨᠠᠵᠤ | ᠪᠠᠶᠢᠭᠠᠳ ᠰᠥᠨᠢ ᠬᠤᠲᠠ ᠰᠦᠷᠦᠭ ᠲᠤ ᠣᠷᠣᠭᠰᠠᠨ ᠴᠢᠨ᠋ᠸ᠎ᠠ ᠶᠢ ᠨᠣᠬᠠᠢ ᠪᠠᠷ ᠪᠠᠷᠢᠭᠤᠯᠵᠤ᠂ ᠴᠥᠭᠡᠨ ᠪᠤᠰᠤ ᠶᠢ | ᠠᠪᠠᠯᠠᠵᠤ ᠠᠯᠠᠳᠠᠭ ᠪᠠᠶᠢᠵᠠᠢ᠃ ᠡᠭᠦᠨ ᠢᠶᠠᠷ ᠪᠠᠷᠠᠬᠤ ᠦᠭᠡᠢ ᠦᠵᠦᠮᠦᠴᠢᠨ ᠤ ᠴᠢᠨ᠋ᠸ᠎ᠠ ᠶᠢᠨ ᠠᠩ ᠨᠢ ᠮᠠᠰᠢ ᠣᠯᠠᠨ | ᠮᠡᠷᠭᠡᠵᠢᠯ ᠤᠨ ᠴᠢᠨᠠᠷ ᠲᠠᠢ ᠲᠤᠰᠬᠠᠢ ᠠᠷᠭ᠎ᠠ ᠪᠠᠷᠢᠯ ᠬᠡᠪᠰᠢᠮᠡᠯ ᠵᠢᠷᠤᠮ ᠲᠠᠢ ᠪᠠᠶᠢᠳᠠᠭ ᠁ | | 2᠂ ᠪᠤᠭᠤ ᠶᠢᠨ ᠠᠩ᠄ ᠦᠵᠦᠮᠦᠴᠢᠨ ᠳᠤ ᠪᠤᠭᠤ ᠶᠢᠨ ᠠᠩ ᠢ ᠡᠷᠲᠡᠨ ᠠᠴᠠ ᠵᠣᠬᠢᠬᠤ ᠬᠡᠪᠴᠢᠶ᠎ᠡ ᠪᠠᠷ | ᠬᠢᠳᠡᠭ ᠪᠠᠶᠢᠵᠠᠢ᠃ ᠲᠡᠳᠡᠨ ᠤ ᠪᠤᠭᠤ ᠶᠢᠨ ᠠᠩ ᠬᠢᠬᠦ ᠨᠢ ᠤᠯᠠᠷᠢᠯ ᠤᠨ ᠴᠢᠨᠠᠷ ᠲᠠᠢ᠂ ᠲᠣᠭᠲᠠᠭᠰᠠᠨ ᠵᠣᠷᠢᠯᠭ᠎ᠠ ᠲᠠᠢ | ᠂ ᠬᠢᠵᠠᠭᠠᠷ ᠲᠠᠢ ᠪᠠᠶᠢᠳᠠᠭ᠃ | | ᠪᠤᠭᠤ᠂ ᠦᠵᠦᠮᠦᠴᠢᠨ ᠤ ᠣᠢ ᠰᠢᠭᠤᠢ ᠲᠠᠢ᠂ ᠬᠢᠩᠭ᠎ᠠ ᠠᠭᠤᠯᠠᠷᠬᠠᠭ ᠣᠷᠣᠨ ᠢᠶᠠᠷ ᠨᠡᠶᠢᠳᠡᠮ ᠥᠰᠴᠦ | ᠦᠷᠡᠵᠢᠳᠡᠭ᠃ ᠦᠵᠦᠮᠦᠴᠢᠨ ᠮᠣᠩᠭᠤᠯᠴᠤᠳ ᠲᠡᠭᠦᠨ ᠢ ︽ᠲᠣᠷᠤᠭ︾ ᠭᠡᠵᠦ ᠪᠠᠰᠠ ᠨᠡᠷᠡᠯᠡᠳᠡᠭ᠃ ᠭᠤᠣᠯ ᠨᠢ | ᠬᠤᠣᠰ ᠬᠤᠣᠰ ᠢᠶᠠᠷ ᠠᠮᠢᠳᠤᠷᠠᠵᠤ᠂ ᠡᠪᠦᠯ ᠬᠠᠪᠤᠷ ᠲᠠᠭᠠᠨ ᠠᠷᠪᠠᠭᠠᠳ ᠢᠶᠠᠷ ᠰᠦᠷᠦᠭᠯᠡᠵᠦ᠂ ᠰᠦᠷᠦᠭ ᠰᠦᠷᠦᠭ | ᠢᠶᠠᠷ ᠶᠠᠪᠤᠳᠠᠭ ᠴᠦ ᠪᠠᠶᠢᠳᠠᠭ᠃ ᠲᠡᠷᠡ ᠨᠢ ᠥᠨᠳᠥᠷ ᠨᠠᠰᠤᠲᠠᠢ᠂ ᠠᠭᠤᠯᠠ ᠤᠰᠤ ᠨᠤᠲᠤᠭ ᠤᠨ ᠴᠢᠮᠡᠭ ᠭᠤᠶᠣ | ᠠᠮᠢᠲᠠᠨ ᠪᠣᠯᠣᠨ᠎ᠠ᠃ | | ᠪᠠᠰᠠᠴᠤ ᠪᠤᠭᠤ ᠶᠢᠨ ᠴᠢᠰᠤᠨ ᠡᠪᠡᠷ ᠁ ᠵᠡᠷᠭᠡ ᠪᠦᠬᠦ ᠪᠡᠶ᠎ᠡ ᠨᠢ ᠬᠤᠪᠣᠷ ᠦᠨᠡᠲᠦ ᠡᠷᠳᠡᠨᠢ ᠪᠠᠶᠢᠳᠠᠭ᠃ | ᠲᠡᠭᠦᠨ ᠤ ᠡᠶᠢᠮᠦᠷᠬᠦ ᠣᠨᠴᠠᠯᠢᠭ ᠠᠴᠠ ᠪᠣᠯᠵᠤ ᠦᠵᠦᠮᠦᠴᠢᠨ ᠳᠤ ᠡᠷᠲᠡ ᠳᠡᠭᠡᠳᠦ ᠠᠴᠠ ᠪᠠᠨ ᠪᠤᠭᠤ ᠶᠢ | ᠬᠠᠮᠠᠭᠠᠯᠠᠬᠤ ᠪᠠ ᠠᠩᠨᠠᠬᠤ ᠶᠢ ᠵᠣᠬᠢᠰᠲᠠᠢ ᠤᠶᠠᠯᠳᠤᠭᠤᠯᠵᠤ᠂ ᠬᠠᠮᠠᠭᠠᠯᠠᠬᠤ ᠪᠠᠷ ᠭᠤᠣᠯ ᠪᠣᠯᠭᠠᠵᠤ ᠠᠩᠨᠠᠬᠤ ᠶᠢ | ᠳᠠᠭᠠᠯᠳᠤᠭᠤᠯᠵᠤ ᠢᠷᠠᠵᠠᠢ᠃ ︽ᠪᠤᠭᠤ ᠤᠷᠲᠤ ᠨᠠᠰᠤᠲᠠᠢ ᠠᠮᠢᠲᠠᠨ ᠪᠤᠭᠤ ᠶᠢ ᠪᠦᠦ ᠬᠠᠮᠢᠭ᠎ᠠ ᠨᠠᠮᠢᠶ᠎ᠠ ᠦᠭᠡᠢ ᠠᠯᠠ | ᠮᠠᠭᠤ ᠢᠷᠸ᠎ᠠ ᠶᠤᠮ︾ ᠭᠡᠳᠡᠭ ᠪᠣᠯ ᠦᠵᠦᠮᠦᠴᠢᠨ ᠮᠣᠩᠭᠤᠯᠴᠤᠳ ᠤᠨ ᠨᠡᠶᠢᠭᠡᠮ ᠨᠡᠶᠢᠲᠡ ᠪᠠᠷ ᠢᠶᠠᠨ ᠪᠤᠭᠤ ᠶᠢ | ᠬᠠᠮᠠᠭᠠᠯᠠᠬᠤ ᠶᠢ ᠪᠠᠷᠢᠮᠵᠢᠶᠠᠯᠠᠭᠰᠠᠨ ︽ᠴᠡᠭᠡᠷ ᠬᠤᠷᠢᠭ᠎ᠠ︾ ᠪᠣᠯᠣᠨ᠎ᠠ᠃ ᠡᠶᠢᠮᠦ ᠴᠡᠭᠡᠷ ᠶᠣᠰᠣ ᠲᠠᠢ ᠠᠴᠠ | ᠦᠵᠦᠮᠦᠴᠢᠨ ᠳᠤ ᠡᠩ ᠤᠨ ᠪᠠᠶᠢᠳᠠᠯ ᠤᠨ ᠳᠣᠣᠷ᠎ᠠ ᠪᠤᠭᠤ ᠠᠩᠨᠠᠳᠠᠭ ᠦᠭᠡᠢ᠂ ᠪᠤᠭᠤ ᠲᠡᠨᠳᠡ ᠲᠣᠩ ᠰᠠᠶᠢᠬᠠᠨ | ᠦᠷᠡᠵᠢᠵᠦ ᠥᠰᠴᠦ ᠪᠠᠶᠢᠵᠠᠢ᠃ | | ᠭᠡᠪᠡᠴᠦ᠂ ᠦᠵᠦᠮᠦᠴᠢᠨ ᠳᠤ ᠪᠠᠰᠠ ᠵᠣᠬᠢᠰᠲᠠᠢ ᠴᠠᠭ᠂ ᠬᠡᠷᠡᠭᠴᠡᠭᠡ ᠲᠠᠢ ᠦᠶ᠎ᠡ ᠳᠤ ᠡᠷᠲᠡ ᠳᠡᠭᠡᠨ ᠪᠤᠭᠤ | ᠶᠢ ᠠᠩᠨᠠᠵᠤ ᠠᠯᠠᠵᠤ ᠠᠰᠢᠭᠯᠠᠵᠤ ᠪᠠᠶᠢᠵᠠᠢ᠃ ᠥᠭᠡᠷ᠎ᠡ ᠪᠠᠷ ᠬᠡᠯᠡᠪᠡᠯ ᠦᠵᠦᠮᠦᠴᠢᠨ ᠤ ᠪᠤᠭᠤ ᠶᠢᠨ ᠠᠩ ᠪᠣᠯ ᠴᠠᠭ | ᠲᠠᠢ᠂ ᠬᠡᠮᠵᠢᠶ᠎ᠡ ᠲᠠᠢ᠂ ᠠᠰᠢᠭᠲᠠᠢ ᠬᠢᠳᠡᠭ ᠠᠩ ᠪᠠᠶᠢᠭᠰᠠᠨ ᠪᠠᠶᠢᠨ᠎ᠠ᠃ ᠲᠡᠳᠡ ᠠᠷᠠᠰᠤ ᠮᠢᠬ᠎ᠠ ᠶᠢᠨ ᠬᠡᠷᠡᠭᠴᠡᠭᠡᠨ | ᠳᠤ ᠪᠤᠭᠤ ᠶᠢ ᠠᠩᠨᠠᠬᠤ ᠪᠢᠰᠢ᠂ ᠨᠡᠩ ᠴᠤ ᠰᠤᠭᠤ ᠭᠤᠨ᠎ᠠ ᠭᠤᠨᠵᠢ ᠪᠠᠷᠢᠭᠤ ᠨᠥᠷᠦᠭᠡ ᠶᠢ ᠠᠩᠨᠠᠬᠤ ᠦᠭᠡᠢ᠂ | ᠵᠥᠪᠬᠡᠨ 5 ᠰᠠᠷ᠎ᠠ ᠶᠢᠨ ᠦᠶ᠎ᠡ ᠳᠤ ᠪᠤᠭᠤ ᠶᠢᠨ ᠴᠢᠰᠤᠨ ᠡᠪᠡᠷ ᠤᠷᠭᠤᠭᠰᠠᠨ ᠦᠶ᠎ᠡ ᠳᠤ ᠰᠠᠶ᠋ᠢ ᠪᠤᠭᠤ ᠠᠩᠨᠠᠨ᠎ᠠ᠃ | ᠠᠩᠨᠠᠬᠤ ᠳᠠᠭᠠᠨ᠄ ︽ᠠᠷᠪᠠᠨ ᠰᠠᠯᠠᠭ᠎ᠠ ᠡᠪᠡᠷ ᠲᠠᠢ ᠪᠤᠭᠤ ᠶᠢ ᠠᠯᠠᠪᠠᠯ ᠠᠩ ᠤᠨ ᠳᠡᠭᠡᠳᠦ︾ ᠭᠡᠵᠦ ᠶᠡᠷᠦ ᠡᠪᠡᠷ ᠤᠨ | ᠰᠠᠯᠠᠭ᠎ᠠ ᠨᠢ ᠣᠯᠠᠨ ᠬᠥᠭᠰᠢᠨ ᠶᠡᠬᠡᠴᠡᠬᠡᠯ ᠪᠤᠭᠤ ᠪᠠᠷ ᠭᠤᠣᠯ ᠪᠣᠯᠭᠠᠵᠤ ᠫᠤᠤ ᠪᠠᠷ ᠠᠩᠨᠠᠨ᠎ᠠ᠃ | | ᠫᠤᠤᠳᠠᠬᠤ ᠳᠠᠭᠠᠨ ᠴᠢᠰᠤᠨ ᠡᠪᠡᠷ ᠢ ᠬᠠᠮᠠᠭᠠᠯᠠᠵᠤ᠂ ᠲᠣᠯᠣᠭᠠᠢ᠂ ᠤᠯᠠᠶᠢᠬᠤ ᠰᠤᠭᠤ ᠶᠢ ᠫᠤᠤᠳᠠᠬᠤ ᠶᠢ | ᠴᠡᠭᠡᠷᠯᠡᠨ᠎ᠡ᠃ ᠬᠦᠨᠳᠦ ᠰᠢᠷᠬ᠎ᠠ ᠥᠭᠴᠦ ᠪᠠᠶᠢᠭᠠᠳ ᠪᠠᠷᠢᠵᠤ ᠠᠪᠴᠤ ᠠᠯᠠᠵᠤ᠂ ᠡᠪᠡᠷ ᠢ ᠨᠢ ᠲᠤᠰᠬᠠᠢ ᠠᠪᠴᠤ | ᠶᠠᠪᠤᠵᠤ ᠪᠠᠶᠢᠭᠰᠠᠨ ᠪᠢᠴᠢᠬᠠᠨ ᠭᠠᠩ ᠰᠦᠬᠡ ᠪᠠᠷ ᠭᠠᠪᠠᠯᠠ ᠶᠢᠨ ᠶᠠᠰᠤ ᠲᠠᠢ ᠴᠠᠪᠴᠢᠵᠤ ᠰᠠᠶᠢᠬᠠᠨ ᠠᠪᠤᠨ᠎ᠠ᠃ | | ᠪᠤᠭᠤ ᠶᠢᠨ ᠡᠪᠡᠷ ᠢ ᠠᠪᠤᠭᠰᠠᠨ ᠤ ᠳᠠᠷᠠᠭ᠎ᠠ᠂ ᠲᠡᠷᠡ ᠳᠣᠣᠷ᠎ᠠ ᠨᠢ ᠭᠡᠮᠲᠦᠭᠡᠬᠦ ᠦᠭᠡᠢ ᠰᠠᠶᠢᠬᠠᠨ | ᠪᠣᠯᠪᠠᠰᠤᠷᠠᠭᠤᠯᠤᠨ ᠬᠠᠲᠠᠭᠠᠵᠤ᠂ ᠣᠷᠣᠨ ᠨᠤᠲᠤᠭ ᠲᠠᠭᠠᠨ ᠮᠣᠩᠭᠤᠯ ᠡᠮ ᠳᠤ ᠬᠡᠷᠡᠭᠯᠡᠬᠦ ᠪᠤᠶᠤ ᠶᠡᠭᠡ ᠬᠤᠲᠠᠨ ᠳᠤ | ᠠᠪᠠᠴᠢᠵᠤ ᠲᠠᠸᠠᠷᠯᠠᠵᠤ ᠬᠤᠳᠠᠯᠳᠤᠵᠤ ᠪᠠᠶᠢᠵᠠᠢ᠃ ᠡᠭᠦᠨ ᠠᠴᠠ ᠦᠵᠡᠬᠦ ᠳᠤ᠂ ᠲᠤᠬᠠᠢ ᠶᠢᠨ ᠦᠶ᠎ᠡ ᠶᠢᠨ ᠪᠤᠭᠤ | ᠶᠢᠨ ᠡᠪᠡᠷ ᠢ ᠠᠪᠴᠤ ᠪᠣᠯᠪᠠᠰᠤᠷᠠᠭᠤᠯᠬᠤ ᠮᠡᠷᠭᠡᠵᠢᠯ᠂ ᠦᠵᠦᠮᠦᠴᠢᠨ ᠳᠤ ᠠᠯᠢ ᠡᠷᠲᠡᠨ ᠠᠴᠠ ᠤᠯᠠᠮᠵᠢᠯᠠᠯ ᠲᠠᠢ | ᠪᠥᠭᠡᠳ ᠲᠣᠩ ᠥᠨᠳᠥᠷ ᠬᠡᠮᠵᠢᠶᠡᠨ ᠳᠤ ᠬᠦᠷᠦᠭᠰᠡᠨ ᠪᠠᠶᠢᠨ᠎ᠠ᠃ | | ᠦᠵᠦᠮᠦᠴᠢᠨ ᠤ ᠲᠡᠦᠬᠡᠨ ᠳᠠᠬᠢ ᠤᠯᠠᠮᠵᠢᠯᠠᠯᠲᠤ ᠪᠤᠭᠤ ᠶᠢᠨ ᠠᠩ ᠠᠩᠨᠠᠭᠤᠷ ᠨᠢ ᠰᠢᠭᠤᠳ ᠣᠷᠣᠨ ᠨᠤᠲᠤᠭ | ᠤᠨ ᠡᠮᠨᠡᠯᠭᠡ ᠶᠢᠨ ᠪᠤᠶᠤ ᠡᠰᠡᠬᠦᠯ᠎ᠡ ᠲᠠᠸᠠᠷ ᠤᠨ ᠬᠡᠷᠡᠭᠴᠡᠭᠡᠨ ᠠᠴᠠ ᠪᠣᠯᠣᠭᠰᠠᠨ ᠬᠡᠮᠵᠢᠶ᠎ᠡ ᠲᠠᠢ᠂ ᠴᠠᠭ ᠬᠤᠭᠤᠴᠠᠭ᠎ᠠ | ᠲᠠᠢ ᠦᠢᠯᠡᠳᠪᠦᠷᠢᠯᠡᠯ ᠤᠨ ᠠᠵᠢᠯᠯᠠᠭ᠎ᠠ ᠶᠢᠨ ᠠᠩ ᠪᠠᠶᠢᠵᠠᠢ᠃ | | 3᠂ ᠦᠨᠡᠭᠡ ᠶᠢᠨ ᠠᠩ᠄ ᠦᠵᠦᠮᠦᠴᠢᠨ ᠳᠤ ᠡᠷᠲᠡᠨ ᠳᠡᠭᠡᠨ ᠦᠨᠡᠭᠡ ᠶᠢᠨ ᠠᠩ ᠢ ᠶᠡᠭᠡ ᠬᠢᠳᠡᠭ᠃ ᠭᠡᠬᠦ | ᠳᠡᠭᠡᠨ ᠤᠯᠠᠷᠢᠯ ᠤᠨ ᠴᠢᠨᠠᠷ ᠲᠠᠢ ᠬᠢᠳᠡᠭ᠃ ᠡᠨᠡ ᠨᠢ ᠨᠠᠮᠤᠷ ᠤᠨ ᠰᠡᠭᠦᠯ ᠰᠠᠷ᠎ᠠ ᠶᠢᠨ ᠡᠬᠢ ᠠᠴᠠ ᠡᠪᠦᠯ ᠤᠨ | ᠳᠤᠮᠳᠠ ᠰᠠᠷ᠎ᠠ ᠬᠦᠷᠲᠡᠯ᠎ᠡ ᠪᠠᠷᠤᠭ 3 ᠰᠠᠷ᠎ᠠ ᠣᠷᠴᠢᠮ ᠶᠠᠪᠤᠭᠳᠠᠨ᠎ᠠ᠃ ᠦᠨᠡᠭᠡᠨ ᠠᠩ ᠨᠢ ᠲᠤᠰᠬᠠᠢ ᠠᠵᠤ ᠠᠬᠤᠢ | ᠶᠢᠨ ᠰᠢᠨᠵᠢ ᠴᠢᠨᠠᠷ ᠲᠠᠢ ᠶᠠᠪᠤᠭᠤᠯᠳᠠᠭ ᠠᠩ ᠠᠩᠨᠠᠭᠤᠷ ᠤᠨ ᠦᠢᠯᠡᠰ ᠪᠣᠯᠣᠨ᠎ᠠ᠃ | | ᠦᠵᠦᠮᠦᠴᠢᠨ ᠳᠤ ᠦᠨᠡᠭᠡᠨ ᠠᠷᠠᠰᠤ ᠪᠠᠷ ᠳᠡᠭᠡᠳᠦ ᠳᠡᠰ ᠤᠨ ᠭᠤᠶᠣ ᠳᠤᠯᠠᠭᠠᠨ ᠤᠶᠠᠯᠳᠤᠭᠰᠠᠨ ᠦᠨᠡᠭᠡᠨ | ᠮᠠᠯᠠᠭ᠎ᠠ ᠬᠢᠳᠡᠭ᠃ ᠴᠢᠨᠠᠭᠰᠢᠯᠠᠪᠠᠯ ᠥᠨᠳᠥᠷ ᠳᠡᠰ ᠤᠨ ᠡᠪᠦᠯ ᠤᠨ ᠬᠤᠪᠴᠠᠰᠤ ᠬᠢᠨ᠎ᠡ᠃ ᠨᠡᠩ ᠣᠨᠴᠠᠭᠠᠶᠢᠯᠠᠨ | ᠭᠠᠳᠠᠷ ᠣᠷᠣᠨ ᠤ ᠠᠷᠠᠯᠵᠢᠶ᠎ᠠ ᠮᠠᠶᠢᠮᠠᠶᠢᠴᠢᠨ ᠲᠠᠢ ᠲᠠᠸᠠᠷᠯᠠᠵᠤ᠂ ᠡᠳ᠋ ᠪᠣᠳᠠᠰ ᠤᠨ ᠰᠣᠯᠢᠯᠴᠠᠭ᠎ᠠ ᠬᠢᠨ᠎ᠡ᠃ ᠲᠡᠦᠬᠡᠨ | ᠳᠤ ᠦᠵᠦᠮᠦᠴᠢᠨ ᠮᠣᠩᠭᠤᠯᠴᠤᠳ ᠦᠨᠡᠭᠡᠨ ᠠᠷᠠᠰᠤ ᠶᠢ ᠳᠣᠯᠣᠨᠨᠠᠭᠤᠷ᠂ ᠪᠡᠭᠡᠵᠢᠩ᠂ ᠵᠢᠩᠵᠸᠤ ᠵᠡᠷᠭᠡ ᠭᠠᠵᠠᠷ ᠤᠨ | ᠮᠠᠶᠢᠮᠠᠢ ᠳᠤ ᠬᠤᠳᠠᠯᠳᠤᠵᠤ᠂ ᠴᠠᠭᠠᠨ ᠵᠣᠭᠤᠰ᠂ ᠲᠣᠷᠭ᠎ᠠ ᠳᠤᠷᠳᠤᠩ᠂ ᠪᠤᠯᠢᠭᠠᠷᠢ᠂ ᠬᠠᠳᠠᠭ ᠵᠡᠷᠭᠡ ᠬᠤᠪᠣᠷ ᠨᠠᠨᠳᠢᠨ | ᠡᠳ᠋ ᠪᠣᠳᠠᠰ ᠢ ᠰᠣᠯᠢᠯᠴᠠᠳᠠᠭ ᠪᠥᠭᠡᠳ ᠠᠶᠠᠨ ᠲᠠᠷᠢᠶ᠎ᠠ ᠪᠠᠷ ᠭᠠᠳᠠᠭᠰᠢ ᠬᠤᠲᠠ ᠪᠠᠯᠭᠠᠰᠤ ᠳᠤ ᠣᠷᠣᠬᠤ ᠳᠠᠭᠠᠨ | ᠠᠪᠴᠤ ᠲᠠᠸᠠᠷᠯᠠᠨ ᠪᠣᠳᠠᠰ ᠤᠨ ᠰᠣᠯᠢᠯᠴᠠᠭ᠎ᠠ ᠬᠢᠳᠡᠭ᠃ | | ᠦᠵᠦᠮᠦᠴᠢᠨ ᠤ ᠦᠨᠡᠭᠡᠨ ᠠᠩ ᠠᠩᠨᠠᠭᠤᠷ ᠤᠨ ᠠᠵᠤ ᠠᠬᠤᠢ ᠪᠣᠯ ᠪᠠᠰᠠ ᠪᠡᠶ᠎ᠡ ᠪᠠᠨ ᠳᠠᠭᠠᠭᠠᠭᠰᠠᠨ ᠠᠷᠭ᠎ᠠ | ᠪᠠᠷᠢᠯ ᠶᠣᠰᠣ ᠳᠦᠷᠢᠮ ᠤᠨ ᠳᠣᠣᠷ᠎ᠠ ᠶᠠᠪᠤᠭᠳᠠᠳᠠᠭ᠃ ᠨᠠᠮᠤᠷ ᠡᠪᠦᠯ ᠠᠴᠠ ᠥᠭᠡᠷ᠎ᠡ ᠤᠯᠠᠷᠢᠯ ᠳᠤ ᠠᠩᠨᠠᠳᠠᠭ ᠦᠭᠡᠢ᠃ | ᠦᠨᠡᠭᠡ ᠶᠢ ᠨᠣᠬᠠᠢ ᠪᠠᠷ ᠭᠤᠣᠯ ᠠᠩᠨᠠᠳᠠᠭ᠃ ᠦᠨᠡᠭᠡ ᠶᠢᠨ ᠠᠩ ᠪᠣᠯ ᠮᠡᠷᠭᠡᠵᠢᠯ ᠤᠨ ᠴᠢᠨᠠᠷ ᠲᠠᠢ᠂ ᠤᠷᠠᠯᠢᠭ ᠤᠨ | ᠴᠢᠨᠠᠷ ᠲᠠᠢ ᠠᠩ ᠶᠤᠮ᠃ | | ᠦᠨᠡᠭᠡᠨ ᠠᠩ ᠢ ᠬᠠᠷᠠᠭᠠᠨ ᠳᠤ ᠰᠠᠭᠤᠬᠤ᠂ ᠬᠥᠭᠡᠭᠡᠯᠭᠡᠬᠦ᠂ ᠮᠥᠷᠳᠡᠬᠦ᠂ ᠨᠦᠬᠡ ᠤᠲᠤᠬᠤ᠂ ᠳᠠᠮᠵᠢᠭᠤᠯᠵᠤ | ᠨᠣᠬᠠᠢ ᠲᠠᠯᠪᠢᠬᠤ ᠵᠡᠷᠭᠡ ᠣᠯᠠᠨ ᠬᠡᠯᠪᠡᠷᠢ ᠲᠠᠢ ᠵᠣᠬᠢᠶᠠᠨ ᠪᠠᠶᠢᠭᠤᠯᠵᠤ ᠶᠠᠪᠤᠭᠤᠯᠳᠠᠭ᠃ ᠡᠨᠡ ᠨᠢ ᠬᠥᠮᠥᠰ ᠤᠨ ᠤᠷᠢ | ᠤᠬᠠᠭᠠᠨ ᠤᠷᠠᠨ ᠮᠡᠷᠭᠡᠵᠢᠯ ᠢ ᠰᠢᠯᠭᠠᠳᠠᠭ ᠠᠩ ᠪᠠᠶᠢᠵᠠᠢ᠃ ᠡᠭᠦᠨ ᠢ ᠦᠨᠡᠭᠡ ᠠᠩᠨᠠᠬᠤ ᠬᠥᠮᠥᠨ ᠦᠨᠡᠭᠡᠨ ᠠᠴᠠ | ᠢᠯᠡᠭᠦᠦ ᠠᠷᠭ᠎ᠠ ᠲᠠᠢ ᠪᠠᠶᠢᠬᠤ ᠬᠡᠷᠡᠭᠲᠡᠢ ᠭᠡᠳᠡᠭ᠃ ᠦᠨᠡᠭᠡ ᠶᠢ ᠪᠠᠰᠠ ᠫᠤᠤ ᠪᠠᠷ ᠠᠩᠨᠠᠵᠤ ᠠᠯᠠᠳᠠᠭ᠃ ᠦᠨᠡᠭᠡ | ᠫᠤᠤᠳᠠᠬᠤ ᠪᠣᠯ ᠪᠠᠰᠠ ᠭᠠᠶᠢᠬᠠᠮᠰᠢᠭᠲᠤ ᠮᠡᠷᠭᠡᠵᠢᠯ ᠣᠷᠣᠳᠠᠭ᠃ ᠮᠡᠷᠭᠡᠨ ᠫᠤᠤᠴᠢ ᠶᠢᠨ ᠴᠠᠴᠠᠨ ᠬᠠᠷᠪᠤᠯᠭ᠎ᠠ ᠪᠠᠶᠢᠳᠠᠭ᠃ | ᠫᠤᠤ ᠪᠠᠷ ᠦᠨᠡᠭᠡ ᠠᠯᠠᠬᠤ ᠨᠢ ᠠᠷᠠᠰᠤᠨ ᠳᠤ ᠠᠰᠢᠭ ᠲᠠᠢ᠃ | | ᠬᠢᠷᠰᠠ ᠱᠠᠬᠠᠷ ᠡᠯᠪᠡᠩᠬᠦ ᠶᠢᠨ ᠠᠩ ᠪᠣᠯ ᠦᠨᠡᠭᠡ ᠶᠢᠨ ᠠᠩ ᠲᠠᠢ ᠬᠥᠯ ᠨᠢᠭᠡᠲᠡᠢ ᠪᠥᠭᠡᠳ ᠦᠨ᠎ᠡ ᠥᠷᠳᠡᠭ | ᠨᠢ ᠠᠳᠠᠯᠢ᠃ ᠡᠳᠡᠭᠡᠷ ᠠᠩᠨᠠᠯ ᠪᠣᠯ ᠬᠡᠷᠡᠭ ᠳᠡᠭᠡᠷ᠎ᠡ ᠪᠠᠨ ᠪᠦᠷ ᠠᠵᠤ ᠠᠬᠤᠢ ᠦᠢᠯᠡᠳᠪᠦᠷᠢᠯᠡᠯ ᠤᠨ ᠴᠢᠨᠠᠷ ᠲᠠᠢ | ᠠᠩ ᠤᠨ ᠠᠵᠢᠯᠯᠠᠭ᠎ᠠ ᠶᠤᠮ᠃ | | 4᠂ ᠭᠠᠭ᠋ᠠᠢ ᠶᠢᠨ ᠠᠩ᠄ ᠭᠠᠭ᠋ᠠᠢ ᠶᠢᠨ ᠠᠩ ᠪᠣᠯ ᠦᠵᠦᠮᠦᠴᠢᠨ ᠤ ᠪᠠᠰᠠ ᠨᠢᠭᠡ ᠤᠯᠠᠷᠢᠯ ᠤᠨ ᠴᠢᠨᠠᠷ ᠲᠠᠢ | ᠬᠢᠳᠡᠭ ᠤᠯᠠᠮᠵᠢᠯᠠᠯᠲᠤ ᠠᠩ ᠪᠣᠯᠣᠨ᠎ᠠ᠃ ᠭᠠᠭ᠋ᠠᠢ ᠶᠢᠨ ᠠᠩ ᠢ ᠠᠳᠡ ᠡᠪᠦᠯ ᠤᠨ ᠡᠬᠢ ᠪᠠ ᠲᠦᠷᠦᠭᠦᠦ ᠴᠠᠰᠤ | ᠣᠷᠣᠬᠤ ᠦᠶ᠎ᠡ ᠳᠤ ᠭᠤᠣᠯ ᠬᠢᠵᠦ ᠡᠬᠢᠯᠡᠨ᠎ᠡ᠃ ᠪᠠᠷᠤᠭ 1 ~ 2 ᠰᠠᠷ᠎ᠠ ᠶᠢᠨ ᠬᠤᠭᠤᠴᠠᠭ᠎ᠠ ᠶᠠᠪᠤᠭᠳᠠᠳᠠᠭ᠃ | ᠭᠤᠣᠯ ᠨᠢ ᠪᠠᠶᠢᠭᠠᠯᠢᠭ ᠰᠠᠶᠢᠬᠠᠨ ᠬᠡᠭᠡᠷ᠎ᠡ ᠶᠢᠨ ᠠᠮᠢᠲᠠᠨ ᠤ ᠮᠢᠬ᠎ᠠ ᠪᠠᠷ ᠤᠯᠠᠭᠠᠨ ᠢᠳᠡᠭᠡᠨ ᠤ ᠨᠥᠬᠦᠪᠦᠷᠢ ᠪᠣᠯᠭᠠᠵᠤ | ᠂ ᠮᠢᠬᠠᠨ ᠤ ᠬᠡᠷᠡᠭᠴᠡᠭᠡ ᠶᠢ ᠬᠠᠩᠭᠠᠬᠤ ᠠᠵᠤ ᠠᠬᠤᠢ ᠶᠢᠨ ᠵᠣᠷᠢᠯᠭ᠎ᠠ ᠪᠠᠷ ᠲᠤᠰ ᠠᠩ ᠢ ᠬᠢᠨ᠎ᠡ᠃ | | ᠦᠵᠦᠮᠦᠴᠢᠨ ᠤ ᠭᠠᠭ᠋ᠠᠢ ᠶᠢᠨ ᠠᠩ ᠪᠠᠰᠠ ᠥᠪᠡᠷᠮᠢᠴᠡ ᠣᠨᠴᠠᠯᠢᠭ ᠲᠠᠢ᠃ ᠡᠨᠡ ᠠᠩ ᠬᠡᠭᠡᠷ᠎ᠡ ᠶᠢᠨ ᠭᠠᠭ᠋ᠠᠢ | ᠶᠢ ᠬᠠᠮᠠᠭᠠᠯᠠᠬᠤ ᠪᠠ ᠠᠰᠢᠭᠯᠠᠬᠤ ᠬᠤᠶᠠᠷ ᠲᠠᠯ᠎ᠠ ᠤᠶᠠᠯᠳᠤᠭᠰᠠᠨ ᠤᠷᠢᠳᠠᠯ ᠤᠨ ᠳᠣᠣᠷ᠎ᠠ ᠶᠠᠪᠤᠭᠳᠠᠳᠠᠭ᠃ | | ᠭᠠᠭ᠋ᠠᠢ ᠶᠢᠨ ᠠᠩ ᠢ ᠫᠤᠤ ᠪᠠᠷ ᠠᠩᠨᠠᠬᠤ᠂ ᠨᠣᠬᠠᠢ ᠪᠠᠷ ᠠᠩᠨᠠᠬᠤ ᠭᠡᠵᠦ ᠬᠤᠶᠠᠷ ᠵᠦᠢᠯ ᠤᠨ ᠠᠷᠭ᠎ᠠ ᠳᠤ | ᠬᠤᠪᠢᠶᠠᠨ᠎ᠠ᠃ ᠡᠨᠡ ᠬᠤᠶᠠᠷ ᠵᠦᠢᠯ ᠤᠨ ᠠᠩᠨᠠᠯ ᠤᠨ ᠠᠷᠭ᠎ᠠ ᠨᠢ ᠲᠤᠰ ᠲᠤᠰ ᠲᠠᠭᠠᠨ ᠥᠪᠡᠷ ᠤᠨ ᠣᠨᠴᠠᠯᠢᠭ | ᠬᠡᠯᠪᠡᠷᠢ ᠲᠠᠢ ᠪᠥᠭᠡᠳ ᠪᠦᠷ ᠲᠣᠩ ᠰᠣᠨᠢᠷᠬᠠᠯ ᠲᠠᠢ᠂ ᠰᠠᠶᠢᠬᠠᠨ ᠮᠥᠷᠲᠡᠭᠡᠨ ᠪᠠᠰᠠ ᠲᠤᠶᠢᠯ ᠤᠨ ᠪᠡᠷᠬᠡ ᠬᠠᠲᠠᠭᠤ | ᠪᠠᠶᠢᠳᠠᠭ ᠶᠤᠮ᠃ | | ᠭᠠᠭ᠋ᠠᠢ ᠠᠩᠨᠠᠬᠤ ᠳᠤ ᠭᠠᠭ᠋ᠠᠢ ᠶᠢ ᠢᠳᠡ ᠲᠠᠷᠭᠤ ᠲᠠᠢ ᠦᠶ᠎ᠡ ᠳᠤ ᠠᠩᠨᠠᠵᠤ᠂ ᠲᠠᠷᠭᠤ ᠪᠤᠴᠠᠭᠰᠠᠭᠠᠷ | ᠵᠣᠭᠰᠣᠳᠠᠭ᠃ ᠡᠶᠢᠮᠦ ᠠᠴᠠ ᠤᠯᠠᠷᠢᠯ ᠤᠨ ᠴᠢᠨᠠᠷ ᠲᠠᠢ ᠪᠠᠶᠢᠳᠠᠭ ᠨᠢ ᠡᠨᠡ ᠤᠴᠢᠷ᠂ ᠠᠩᠨᠠᠬᠤ ᠳᠠᠭᠠᠨ ᠪᠦᠳᠦᠭᠦᠨ | ᠮᠡᠷᠭᠡᠨ ᠰᠡᠵᠢᠭᠦᠷ — ᠠᠵᠢᠭ᠎ᠠ ᠭᠠᠭ᠋ᠠᠢ᠂ ᠡᠷ᠎ᠡ ᠰᠤᠪᠠᠢ ᠪᠠᠷ ᠭᠤᠣᠯᠯᠠᠵᠤ᠂ ᠪᠤᠰᠤᠳ ᠲᠥᠷᠥᠯ ᠢ | ᠳᠠᠭᠠᠯᠳᠤᠭᠤᠯᠤᠨ᠎ᠠ᠃ ᠢᠩᠭᠢᠵᠦ ᠠᠩᠨᠠᠬᠤ ᠨᠢ ᠭᠠᠭ᠋ᠠᠢ ᠶᠢᠨ ᠠᠩ ᠤᠨ ᠬᠡᠪᠴᠢᠶ᠎ᠡ ᠶᠢ ᠬᠢᠵᠠᠭᠠᠷ ᠲᠠᠢ ᠪᠠᠶᠢᠯᠭᠠᠵᠤ | ᠪᠠᠶᠢᠭᠠᠯᠢ ᠶᠢᠨ ᠡᠬᠡ ᠪᠠᠶᠠᠯᠢᠭ ᠢᠶᠠᠨ ᠠᠰᠢᠭᠯᠠᠬᠤ ᠪᠠ ᠬᠠᠮᠠᠭᠠᠯᠠᠬᠤ ᠬᠤᠶᠠᠷ ᠲᠠᠯ᠎ᠠ ᠠᠴᠠ ᠲᠣᠭᠲᠠᠭᠠᠭᠳᠠᠵᠠᠢ᠃ | | ᠭᠠᠭ᠋ᠠᠢ᠂ ᠬᠤᠶᠠᠷ ᠦᠵᠦᠮᠦᠴᠢᠨ ᠬᠤᠰᠢᠭᠤᠨ ᠤ ᠡᠮᠦᠨ᠎ᠡ ᠪᠡᠶ᠎ᠡ ᠶᠢᠨ ᠰᠦᠷᠯᠢᠭ ᠥᠨᠳᠥᠷ ᠬᠢᠩᠭᠠᠨ ᠳᠠᠪᠠᠭᠠᠨ | ᠤ ᠬᠥᠪᠴᠢ ᠪᠠᠷ᠂ ᠪᠠᠷᠲᠠᠭᠠᠲᠤ ᠭᠠᠵᠠᠷ᠂ ᠢᠭᠴᠤ ᠰᠢᠭᠤᠢ ᠪᠠᠷ ᠭᠤᠣᠯᠯᠠᠨ ᠪᠠᠶᠢᠵᠤ᠂ ᠡᠷᠲᠡ ᠳᠡᠭᠡᠨ ᠭᠠᠭ᠋ᠠᠢ ᠡᠯᠡᠰᠦ | ᠪᠠᠷ ᠴᠦ ᠨᠡᠶᠢᠳᠡᠮ ᠣᠷᠣᠰᠢᠨ ᠲᠣᠭᠲᠠᠨᠢᠵᠤ ᠪᠠᠶᠢᠵᠠᠢ᠃ ᠭᠠᠭ᠋ᠠᠢ᠂ ᠮᠢᠬ᠎ᠠ ᠭᠠᠷᠭᠠᠯᠲᠠ ᠪᠠᠷ ᠶᠡᠭᠡ᠂ ᠭᠠᠭ᠋ᠠᠢ ᠶᠢᠨ | ᠮᠢᠬᠠᠨ ᠤ ᠰᠢᠮ᠎ᠡ ᠲᠡᠵᠢᠭᠡᠯ ᠥᠨᠳᠥᠷ᠂ ᠦᠨᠦᠷ ᠠᠮᠲᠠ ᠭᠤᠶᠣ ᠪᠠᠶᠢᠳᠠᠭ ᠪᠥᠭᠡᠳ ᠵᠡᠷᠯᠢᠭ ᠭᠠᠭ᠋ᠠᠢ ᠶᠢᠨ ᠪᠦᠬᠦ ᠪᠡᠶ᠎ᠡ | ᠨᠢ ᠪᠠᠰᠠ ᠪᠦᠷ ᠡᠷᠳᠡᠨᠢ᠂ ᠮᠣᠩᠭᠤᠯ ᠡᠮᠨᠡᠯᠭᠡ ᠶᠢᠨ ᠴᠢᠬᠤᠯᠠ ᠮᠠᠲ᠋ᠧᠷᠢᠶᠠᠯ ᠪᠣᠯᠣᠨ᠎ᠠ᠃ | | ᠡᠶᠢᠮᠦ ᠠᠴᠠ ᠦᠵᠦᠮᠦᠴᠢᠨ ᠤ ᠠᠩ ᠤᠨ ᠲᠡᠦᠬᠡᠨ ᠳᠤ ᠭᠠᠭ᠋ᠠᠢ ᠶᠢᠨ ᠠᠩ ᠪᠠᠰᠠ ᠦᠢᠯᠡᠳᠪᠦᠷᠢᠯᠡᠯ | ᠠᠮᠢᠳᠤᠷᠠᠯ ᠳᠤ ᠲᠤᠰᠠᠯᠠᠬᠤ ᠴᠢᠨᠠᠷ ᠲᠠᠢ ᠠᠵᠤ ᠠᠬᠤᠢ ᠶᠢᠨ ᠲᠤᠰᠬᠠᠢ ᠠᠩ ᠶᠤᠮ᠃ | | 5᠂ ᠮᠠᠩᠭᠢᠰᠤ ᠶᠢᠨ ᠠᠩ᠄ ᠮᠠᠩᠭᠢᠰᠤ ᠶᠢᠨ ᠠᠩ ᠪᠣᠯ ᠦᠵᠦᠮᠦᠴᠢᠨ ᠤ ᠪᠠᠰᠠ ᠨᠢᠭᠡ ᠲᠥᠷᠥᠯ ᠤᠨ ᠠᠩ | ᠶᠤᠮ᠃ ᠲᠦᠷ ᠴᠠᠭ ᠤᠯᠠᠷᠢᠯ ᠤᠨ ᠴᠢᠨᠠᠷ ᠲᠠᠢ ᠬᠢᠳᠡᠭ᠃ ᠬᠡᠪᠴᠢᠶ᠎ᠡ ᠨᠢ ᠪᠠᠭ᠎ᠠ ᠪᠣᠯᠪᠠᠴᠤ ᠦᠢᠯᠡᠳᠪᠦᠷᠢᠯᠡᠯ ᠤᠨ | ᠴᠢᠨᠠᠷ ᠲᠠᠢ ᠠᠩ ᠭᠥᠷᠥᠭᠡ ᠶᠢᠨ ᠣᠨᠴᠤᠭᠤᠢ ᠠᠵᠢᠯᠯᠠᠭ᠎ᠠ ᠪᠠᠶᠢᠳᠠᠭ᠃ | | ᠮᠠᠩᠭᠢᠰᠤ ᠪᠣᠯ ᠴᠤᠯ ᠥᠭᠡᠬᠦᠯᠢᠭ ᠠᠮᠢᠲᠠᠨ ᠪᠣᠯᠣᠨ᠎ᠠ᠃ ᠡᠪᠦᠯ ᠳᠡᠭᠡᠨ ᠢᠴᠡᠭᠡᠨ ᠳᠤ ᠣᠨᠳᠣᠷᠳᠠᠭ᠃ ᠨᠠᠮᠤᠷ | ᠲᠠᠭᠠᠨ ᠣᠨᠴᠤᠭᠤᠢ ᠲᠠᠷᠭᠤᠨ᠂ ᠮᠠᠩᠭᠢᠰᠤ ᠶᠢᠨ ᠥᠭᠡᠬᠦ ᠦᠷᠭᠦᠯᠵᠢ ᠪᠠᠷ ᠢᠶᠠᠨ ᠪᠡᠯᠡᠨ ᠲᠣᠰᠣ ᠪᠣᠯᠣᠨ᠎ᠠ᠃ ᠨᠡᠩ ᠴᠦ | ᠡᠪᠦᠯ ᠤᠨ ᠬᠦᠢᠲᠡᠨ ᠳᠤ ᠴᠠᠷᠴᠠᠳᠠᠭ ᠦᠭᠡᠢ᠃ ᠡᠶᠢᠮᠦ ᠣᠨᠴᠠᠯᠢᠭ ᠨᠢ ᠡᠪᠦᠯ ᠤᠨ ᠴᠠᠭ ᠦᠵᠦᠮᠦᠴᠢᠨ ᠤ ᠣᠲᠣᠷ | ᠨᠡᠭᠦᠳᠡᠯ ᠳᠤ ᠨᠡᠭᠦᠳᠡᠯ ᠤᠨ ᠲᠡᠷᠭᠡ ᠶᠢᠨ ᠲᠡᠩᠭᠡᠯᠢᠭ ᠤᠨ ᠬᠦᠵᠦᠭᠦᠦ ᠶᠢ ᠲᠣᠰᠣᠯᠠᠬᠤ ᠳᠤ ᠮᠠᠰᠢ ᠲᠣᠬᠢᠷᠠᠳᠠᠭ᠃ | ᠡᠪᠦᠯ ᠳᠡᠭᠡᠨ ᠠᠷᠪᠠ ᠣᠷᠴᠢᠮ ᠲᠡᠷᠭᠡ ᠪᠠᠷ ᠪᠠᠶᠢᠩᠭᠤ ᠣᠲᠣᠷ ᠨᠡᠭᠦᠳᠡᠯ ᠬᠢᠳᠡᠭ ᠲᠡᠳᠡᠨ ᠳᠤ ᠠᠪᠴᠤ ᠬᠡᠯᠡᠪᠡᠯ᠂ | ᠡᠶᠢᠮᠦ ᠲᠣᠰᠣ ᠨᠢ ᠬᠦᠢᠲᠡᠨ ᠰᠡᠷᠢᠭᠦᠨ ᠴᠠᠭ ᠲᠤ ᠨᠡᠭᠦᠳᠡᠯ ᠤᠨ ᠲᠡᠷᠭᠡ ᠪᠠᠨ ᠲᠣᠰᠣᠯᠠᠬᠤ ᠳᠤ ᠠᠮᠠᠷ᠂ ᠨᠠᠭᠠᠯᠳᠤᠬᠤ | ᠨᠢ ᠰᠠᠶᠢᠨ᠂ ᠳᠠᠭᠠᠭᠠᠴᠠ ᠨᠢ ᠤᠳᠠᠭᠠᠨ᠂ ᠦᠷ᠎ᠡ ᠠᠰᠢᠭ ᠨᠢ ᠥᠨᠳᠥᠷ ᠶᠤᠮ᠃ ᠡᠶᠢᠮᠦ ᠠᠴᠠ ᠦᠵᠦᠮᠦᠴᠢᠨ ᠳᠤ | ᠵᠣᠬᠢᠬᠤ ᠣᠲᠣᠷ ᠨᠡᠭᠦᠳᠡᠯ ᠤᠨ ᠦᠢᠯᠡᠳᠪᠦᠷᠢᠯᠡᠯ ᠳᠤ ᠮᠠᠩᠭᠢᠰᠤ ᠶᠢᠨ ᠲᠣᠰᠣ ᠬᠡᠷᠡᠭᠯᠡᠬᠦ ᠵᠣᠷᠢᠯᠭ᠎ᠠ ᠪᠠᠷ ᠮᠠᠩᠭᠢᠰᠤ ᠶᠢᠨ | ᠠᠩ ᠬᠢᠳᠡᠭ᠃ | | ᠦᠵᠦᠮᠦᠴᠢᠨ ᠤ ᠮᠠᠩᠭᠢᠰᠤ ᠶᠢᠨ ᠠᠩ ᠪᠣᠯ ᠣᠨᠴᠤᠭᠤᠢ ᠥᠪᠡᠷᠮᠢᠴᠡ ᠣᠨᠴᠠᠯᠢᠭ ᠲᠠᠢ ᠠᠩ ᠶᠤᠮ᠃ | ᠮᠠᠩᠭᠢᠰᠤ ᠶᠢᠨ ᠠᠩ ᠢ ᠲᠡᠳᠡ 7 ~ 8 ᠰᠠᠷ᠎ᠠ ︵ᠪᠢᠯᠢᠭ ᠤᠨ ᠤᠯᠠᠷᠢᠯ︶ ᠳᠤ ᠰᠠᠶᠢᠬᠠᠨ ᠲᠤᠩᠭᠠᠯᠠᠭ ᠰᠠᠷ᠎ᠠ ᠲᠠᠢ | ᠬᠢᠷᠠᠭᠤ ᠰᠡᠭᠦᠳᠡᠷ ᠤᠨᠠᠭᠰᠠᠨ ᠰᠥᠨᠢ ᠨᠣᠬᠠᠢ ᠪᠠᠷ ᠬᠢᠳᠡᠭ᠃ ᠡᠨᠡ ᠨᠢ ᠮᠠᠩᠭᠢᠰᠤ ᠶᠢᠨ ᠠᠮᠢᠳᠤᠷᠠᠯ ᠤᠨ ᠬᠥᠳᠡᠯᠭᠡᠭᠡᠨ | ᠤ ᠵᠢᠮ᠎ᠡ ᠶᠣᠰᠣ ᠠᠴᠠ ᠪᠣᠯᠣᠭᠰᠠᠨ ᠶᠤᠮ᠃ ᠮᠠᠩᠭᠢᠰᠤ ᠣᠯᠠᠩᠬᠢ ᠳᠠᠭᠠᠨ ᠡᠳᠦᠷ ᠨᠦᠬᠡᠨ ᠠᠴᠠ ᠪᠠᠨ ᠭᠠᠷᠳᠠᠭ | ᠦᠭᠡᠢ᠂ ᠰᠥᠨᠢ ᠬᠠᠷᠢᠨ ᠨᠦᠬᠡᠨ ᠠᠴᠠ ᠭᠠᠷᠴᠤ ᠢᠳᠡᠰᠢᠯᠡᠳᠡᠭ ᠪᠥᠭᠡᠳ ᠪᠠᠰᠠ ᠨᠡᠯᠢᠶᠡᠳ ᠬᠤᠯᠠ ᠶᠠᠪᠤᠳᠠᠭ᠃ | ᠮᠠᠩᠭᠢᠰᠤ ᠪᠠᠰᠠ ᠲᠣᠰᠣᠯᠢᠭ ᠲᠠᠷᠭᠤᠨ ᠠᠮᠢᠲᠠᠨ ᠲᠤᠯᠠ ᠪᠡᠶ᠎ᠡ ᠶᠢᠨ ᠦᠨᠦᠷ ᠨᠢ ᠲᠣᠩ ᠶᠡᠭᠡ᠂ ᠰᠡᠭᠦᠳᠡᠷ ᠬᠢᠷᠠᠭᠤ | ᠲᠠᠢ ᠰᠥᠨᠢ ᠢᠳᠡᠰᠢᠯᠡᠬᠦ ᠳᠡᠭᠡᠨ ᠰᠡᠭᠦᠳᠡᠷ ᠳᠤᠮᠳᠠ ᠪᠡᠶ᠎ᠡ ᠶᠢᠨ ᠦᠨᠦᠷ ᠢᠶᠠᠨ ᠮᠥᠷ ᠲᠡᠭᠡᠨ ᠦᠯᠡᠳᠡᠭᠡᠭᠡᠳ ᠶᠠᠪᠤᠳᠠᠭ᠃ | ᠨᠣᠬᠠᠢ ᠪᠣᠯ ᠦᠨᠦᠷᠴᠢ ᠠᠮᠢᠲᠠᠨ᠂ ᠲᠡᠭᠦᠨ ᠤ ᠡᠶᠢᠮᠦ ᠬᠠᠯᠠᠭᠤᠨ ᠮᠥᠷ ᠢ ᠣᠯᠣᠭᠰᠠᠭᠠᠷ ᠪᠠᠷᠢᠨ ᠮᠥᠷᠳᠡᠵᠦ | ᠮᠠᠩᠭᠢᠰᠤ ᠶᠢ ᠨᠡᠬᠡᠮᠵᠢᠯᠡᠵᠦ ᠣᠯᠳᠠᠭ᠃ ᠡᠶᠢᠮᠦ ᠤᠴᠢᠷ ᠠᠴᠠ ᠦᠵᠦᠮᠦᠴᠢᠨ ᠳᠤ ᠮᠠᠩᠭᠢᠰᠤ ᠶᠢᠨ ᠠᠩ ᠢ ᠲᠤᠩᠭᠠᠯᠠᠭ | ᠰᠠᠶᠢᠬᠠᠨ ᠰᠠᠷ᠎ᠠ ᠲᠠᠢ ᠰᠥᠨᠢ ᠮᠣᠷᠢ ᠨᠣᠬᠠᠢ ᠪᠠᠷ ᠬᠢᠳᠡᠭ ᠪᠠᠶᠢᠵᠠᠢ᠃ ᠡᠭᠦᠨ ᠠᠴᠠ ᠭᠠᠳᠠᠨ᠎ᠠ᠂ ᠮᠠᠩᠭᠢᠰᠤ ᠶᠢᠨ | ᠠᠷᠠᠰᠤ ᠶᠢ ᠵᠠᠬ᠎ᠠ ᠳᠡᠯᠭᠡᠭᠦᠷ ᠲᠤ ᠲᠠᠸᠠᠷᠯᠠᠵᠤ ᠬᠤᠳᠠᠯᠳᠤᠨ᠎ᠠ᠃ ᠮᠠᠩᠭᠢᠰᠤ ᠶᠢᠨ ᠮᠢᠬ᠎ᠠ ᠪᠠᠷ ᠮᠠᠯ ᠤᠨ ᠺᠠᠲ᠋ᠠᠷ | ᠬᠤᠷᠣᠬᠠᠢ ᠶᠢ ᠤᠲᠤᠵᠤ ᠡᠮᠴᠢᠯᠡᠳᠡᠭ᠃ ᠮᠠᠩᠭᠢᠰᠤ ᠳᠤ ᠪᠠᠰᠠ ᠮᠠᠰᠢ ᠣᠯᠠᠨ ᠡᠮ ᠤᠨ ᠮᠠᠲ᠋ᠧᠷᠢᠶᠠᠯ ᠪᠠᠶᠢᠳᠠᠭ᠃ | ᠮᠠᠩᠭᠢᠰᠤ ᠲᠣᠭᠰᠢᠨ ᠠᠮᠢᠲᠠᠨ᠂ ᠠᠩᠨᠠᠬᠤ ᠴᠠᠭ ᠨᠢ ᠰᠥᠨᠢ ᠪᠠᠶᠢᠳᠠᠭ ᠠᠴᠠ ᠲᠡᠭᠦᠨ ᠢ ᠠᠩᠨᠠᠬᠤ ᠨᠢ ᠪᠠᠰᠠ ᠬᠠᠲᠠᠭᠤ | ᠬᠡᠴᠡᠭᠦᠦ ᠠᠩ ᠳᠤ ᠪᠠᠭᠲᠠᠳᠠᠭ᠃ | | 6᠂ ᠵᠡᠭᠡᠷ᠎ᠡ ᠭᠥᠷᠥᠭᠡᠰᠦ ᠶᠢᠨ ᠠᠩ᠄ ᠦᠵᠦᠮᠦᠴᠢᠨ ᠳᠤ ᠤᠤᠯ ᠳᠠᠭᠠᠨ ᠲᠠᠯ᠎ᠠ ᠳᠤᠨᠢ ᠴᠠᠭᠠᠨ ᠵᠡᠭᠡᠷ᠎ᠡ | ᠰᠦᠷᠦᠭᠯᠡᠵᠦ᠂ ᠠᠭᠤᠯᠠᠨ ᠳᠤᠨᠢ ᠪᠣᠷᠣ ᠭᠥᠷᠥᠭᠡᠰᠦ ᠰᠦᠯᠵᠢᠯᠳᠦᠳᠡᠭ᠂ ᠵᠡᠭᠡᠷ᠎ᠡ ᠭᠥᠷᠥᠭᠡᠰᠦ ᠲᠤᠶᠢᠯ ᠤᠨ ᠡᠯᠪᠡᠭ | ᠭᠠᠵᠠᠷ ᠪᠠᠶᠢᠪᠠ᠃ | | ᠵᠡᠭᠡᠷ᠎ᠡ ᠭᠥᠷᠥᠭᠡᠰᠦ ᠨᠢ᠂ ᠦᠵᠦᠮᠦᠴᠢᠨ ᠤ ᠪᠠᠰᠠ ᠨᠢᠭᠡ ᠣᠨᠴᠤᠭᠤᠢ ᠡᠬᠢ ᠪᠠᠶᠠᠯᠢᠭ ᠪᠠᠶᠢᠭᠰᠠᠨ ᠠᠴᠠ᠂ | ᠦᠵᠦᠮᠦᠴᠢᠨ ᠮᠣᠩᠭᠤᠯᠴᠤᠳ ᠵᠡᠭᠡᠷ᠎ᠡ ᠭᠥᠷᠥᠭᠡᠰᠦ ᠶᠢ ᠲᠡᠦᠬᠡᠨ ᠠᠴᠠ ᠪᠠᠨ ᠵᠣᠬᠢᠰᠲᠠᠢ ᠪᠠᠷ ᠠᠩᠨᠠᠵᠤ ᠠᠰᠢᠭᠯᠠᠵᠤ | ᠢᠷᠠᠪᠠ᠃ ᠲᠡᠳᠡ ᠵᠡᠭᠡᠷ᠎ᠡ ᠭᠥᠷᠥᠭᠡᠰᠦ ᠶᠢ ᠶᠡᠷᠦᠳᠡᠭᠡᠨ ᠫᠤᠤ ᠪᠠᠷ ᠠᠩᠨᠠᠬᠤ ᠪᠠᠷ ᠭᠤᠣᠯᠳᠠᠨ᠎ᠠ᠃ ᠨᠣᠬᠠᠢ ᠪᠠᠷ ᠪᠠᠷᠤᠭ | ᠠᠩᠨᠠᠬᠤ ᠦᠭᠡᠢ᠃ ᠬᠠᠪᠤᠷ ᠪᠠᠷᠤᠭ ᠠᠩᠨᠠᠬᠤ ᠦᠭᠡᠢ᠂ ᠲᠡᠳᠡ ᠣᠯᠠᠨ ᠲᠤᠭ᠎ᠠ ᠪᠠᠷ ᠠᠩᠨᠠᠬᠤ ᠦᠭᠡᠢ᠃ ᠭᠡᠪᠡᠴᠦ | ᠡᠷᠲᠡᠨ ᠳᠡᠭᠡᠨ ᠵᠡᠭᠡᠷ᠎ᠡ ᠳᠡᠩᠳᠡᠭᠦᠦ ᠥᠰᠴᠦ᠂ ᠮᠠᠯ ᠤᠨ ᠪᠡᠯᠴᠢᠭᠡᠷ ᠤᠨ ᠳᠠᠶᠢᠰᠤᠨ ᠪᠠᠶᠢᠵᠠᠢ᠃ ᠴᠠᠭᠠᠨ ᠵᠡᠭᠡᠷ᠎ᠡ | ᠢᠷᠠᠯᠵᠠᠬᠤ ᠶᠢᠨ ᠦᠶ᠎ᠡ ᠳᠤ᠂ ᠭᠠᠵᠠᠷ ᠤᠨ ᠬᠥᠷᠥᠰᠥ ᠳᠠᠶᠢᠪᠠᠵᠤ ᠪᠠᠶᠢᠬᠤ ᠥᠭᠡᠷ᠎ᠡ ᠦᠭᠡᠢ ᠬᠠᠷᠠᠭᠳᠠᠳᠠᠭ᠃ | ᠦᠵᠦᠮᠦᠴᠢᠨ ᠤ ᠡᠷᠬᠡᠨᠲᠠᠢ᠂ ᠴᠠᠬᠢᠷᠭᠠ ᠪᠤᠮᠪᠤᠳᠠᠢ᠂ ᠬᠠᠷᠭᠠᠨᠠᠲᠤ ᠶᠢᠨ ᠰᠢᠯᠢ᠂ ᠴᠠᠭᠠᠨ ᠵᠡᠭᠡᠷ᠎ᠡ ᠶᠢᠨ ᠰᠢᠯᠢ᠂ | ᠬᠥᠭᠡᠷᠴᠢᠭ ᠰᠡᠮᠠᠢ ᠵᠡᠷᠭᠡ ᠰᠢᠯᠢ ᠭᠠᠵᠠᠷ ᠢᠶᠠᠷ ᠨᠡᠶᠢᠳᠡᠮ ᠡᠯᠪᠡᠭ ᠪᠠᠶᠢᠭᠰᠠᠨ᠃ ᠲᠤᠬᠠᠢ ᠶᠢᠨ ᠦᠶ᠎ᠡ ᠳᠤ ᠴᠠᠭᠠᠨ | ᠵᠡᠭᠡᠷ᠎ᠡ ᠠᠯᠠᠭᠠᠳ ᠬᠤᠷᠣᠬᠤ ᠦᠭᠡᠢ ᠠᠴᠠ ᠪᠢᠰᠢ ᠠᠯᠠᠭᠠᠳ ᠪᠠᠷᠠᠨ᠎ᠠ ᠭᠡᠵᠦ ᠵᠣᠪᠠᠭ᠋ᠤ ᠦᠭᠡᠢ᠃ | | ᠭᠡᠪᠡᠴᠦ᠂ ᠦᠵᠦᠮᠦᠴᠢᠨ ᠮᠣᠩᠭᠤᠯᠴᠤᠳ ᠵᠡᠭᠡᠷ᠎ᠡ ᠶᠢ ᠴᠠᠭ ᠬᠡᠮᠵᠢᠶ᠎ᠡ ᠲᠠᠢ ᠠᠩᠨᠠᠳᠠᠭ᠃ ᠪᠣᠷᠣ ᠭᠥᠷᠥᠭᠡᠰᠦ | ᠶᠢᠨ ᠭᠤᠷ ᠢ 5 ᠰᠠᠷ᠎ᠠ ᠳᠤ ᠴᠥᠭᠡᠪᠦᠷᠢ ᠠᠩᠨᠠᠨ᠎ᠠ᠃ 5 ᠰᠠᠷ᠎ᠠ ᠳᠤ ᠭᠤᠷ ᠬᠠᠮᠤᠭ ᠤᠨ ᠲᠠᠷᠭᠤᠨ ᠲᠡᠷᠡ ᠦᠶ᠎ᠡ ᠳᠤ | ᠮᠢᠬ᠎ᠠ ᠬᠤᠪᠣᠷ᠂ ᠮᠠᠯ ᠲᠠᠷᠭᠤᠯᠠᠵᠤ ᠵᠠᠪᠳᠤᠭᠠᠳᠤᠢ᠂ ᠱᠥᠯᠥ ᠤᠤᠭᠤᠬᠤ ᠳᠤ ᠲᠡᠭᠦᠨ ᠠᠴᠠ ᠲᠠᠷᠭᠤᠨ ᠠᠮᠢᠲᠠᠨ | ᠦᠭᠡᠢ᠃ ᠪᠠᠰᠠ ᠡᠪᠦᠯ ᠤᠨ ᠡᠬᠢᠨ ᠳᠤ ᠴᠥᠭᠡᠪᠦᠷᠢ ᠭᠤᠷ ᠵᠦᠷ ᠢ ᠠᠩᠨᠠᠵᠤ ᠡᠪᠦᠯ ᠤᠨ ᠤᠯᠠᠭᠠᠨ ᠢᠳᠡᠭᠡᠨ ᠳᠤ | ᠬᠠᠪᠰᠤᠷᠤᠭᠤᠯᠳᠠᠭ᠃ ᠪᠣᠷᠣ ᠭᠥᠷᠥᠭᠡᠰᠦ ᠶᠢᠨ ᠮᠢᠬ᠎ᠠ ᠬᠡᠵᠢᠶᠡᠳᠡ ᠱᠥᠯᠥ ᠲᠠᠰᠤᠷᠠᠬᠤ ᠦᠭᠡᠢ᠃ ᠣᠨᠴᠤᠭᠤᠢ ᠰᠢᠮ᠎ᠡ | ᠲᠡᠵᠢᠭᠡᠯ ᠲᠠᠢ ᠴᠤᠯ ᠬᠠᠷ᠎ᠠ ᠮᠢᠬ᠎ᠠ ᠪᠠᠶᠢᠳᠠᠭ᠃ ᠠᠷᠠᠰᠤ ᠨᠢ ᠣᠨᠴᠤᠭᠤᠢ ᠰᠠᠶᠢᠬᠠᠨ ᠪᠥᠭᠡᠳ ᠭᠥᠷᠥᠭᠡᠰᠦ ᠳᠤ ᠡᠮᠲᠦ | ᠪᠣᠳᠠᠰ ᠡᠯᠪᠡᠭ ᠪᠠᠶᠢᠳᠠᠭ᠃ ᠴᠠᠭᠠᠨ ᠵᠡᠭᠡᠷ᠎ᠡ ᠶᠢ ᠵᠤᠨ ᠨᠠᠮᠤᠷ ᠭᠤᠣᠯ ᠠᠩᠨᠠᠵᠤ ᠱᠥᠯᠥ ᠤᠤᠭᠤᠨ᠎ᠠ᠃ 8 ~9 | ᠰᠠᠷ᠎ᠠ ᠳᠤ ᠣᠭᠤᠨᠣ᠂ ᠰᠣᠪᠠᠢ ᠰᠢᠷᠠᠭᠴᠢᠨ ᠪᠣᠯ ᠣᠨᠴᠤᠭᠤᠢ ᠲᠠᠷᠭᠤᠨ᠂ ᠡᠶᠢᠮᠦ ᠠᠴᠠ ᠡᠨᠡ ᠦᠶ᠎ᠡ ᠪᠣᠯ ᠪᠦᠳᠦᠭᠦᠨ | ᠣᠭᠤᠨᠣ ᠠᠩᠨᠠᠬᠤ ᠴᠠᠭ ᠶᠤᠮ᠃ ᠨᠠᠮᠤᠷ ᠤᠨ ᠱᠥᠯᠥ ᠤᠤᠭᠤᠬᠤ ᠳᠤ ᠬᠠᠪᠰᠤᠷᠤᠯᠭ᠎ᠠ ᠪᠣᠯᠣᠨ᠎ᠠ᠃ ᠴᠠᠭᠠᠨ ᠵᠡᠭᠡᠷ᠎ᠡ | ᠶᠢᠨ ᠮᠢᠬ᠎ᠠ ᠨᠢ ᠲᠣᠩ ᠰᠠᠶᠢᠬᠠᠨ ᠠᠯᠠᠭ ᠲᠠᠷᠭᠤᠨ ᠮᠢᠬ᠎ᠠ ᠪᠠᠶᠢᠳᠠᠭ᠃ ᠡᠪᠦᠯ ᠤᠨ ᠡᠬᠢᠨ ᠰᠠᠷ᠎ᠠ ᠳᠤ ᠲᠤᠰᠬᠠᠢ | ᠴᠠᠭᠠᠨ ᠵᠡᠭᠡᠷ᠎ᠡ ᠠᠩᠨᠠᠵᠤ ᠡᠪᠦᠯ ᠤᠨ ᠢᠳᠡᠰᠢ ᠳᠤ ᠨᠡᠮᠡᠷᠢᠯᠡᠳᠡᠭ ᠪᠠᠶᠢᠵᠠᠢ᠃ | | ᠦᠵᠦᠮᠦᠴᠢᠨ ᠳᠤ ᠵᠡᠭᠡᠷ᠎ᠡ ᠭᠥᠷᠥᠭᠡᠰᠦ ᠶᠢᠨ ᠠᠩ ᠨᠢ ᠡᠷᠲᠡ ᠶᠢᠨ ᠲᠡᠦᠬᠡᠨ ᠨᠥᠬᠦᠴᠡᠯ ᠤᠨ ᠳᠣᠣᠷ᠎ᠠ | ᠳᠤᠲᠠᠭᠳᠠᠵᠤ ᠪᠣᠯᠣᠰᠢ ᠦᠭᠡᠢ ᠨᠢᠭᠡ ᠵᠦᠢᠯ ᠤᠨ ᠠᠩᠨᠠᠯ ᠤᠨ ᠦᠢᠯᠡᠰ ᠪᠠᠶᠢᠵᠠᠢ᠃ ᠵᠡᠭᠡᠷ᠎ᠡ ᠭᠥᠷᠥᠭᠡᠰᠦ ᠶᠢᠨ ᠮᠢᠬ᠎ᠠ | ᠠᠷᠢᠭᠤᠨ ᠴᠡᠪᠡᠷ᠂ ᠰᠢᠮ᠎ᠡ ᠲᠡᠵᠢᠭᠡᠯ ᠥᠨᠳᠥᠷ᠂ ᠦᠨᠦᠷ ᠠᠮᠲᠠ ᠣᠨᠴᠤᠭᠤᠢ᠂ ᠪᠠᠶᠢᠭᠠᠯᠢᠭ ᠣᠬᠢ ᠴᠢᠨᠠᠷ ᠢᠶᠠᠨ | ᠬᠠᠳᠠᠭᠠᠯᠠᠭᠰᠠᠨ ᠰᠠᠶᠢᠨ ᠴᠢᠨᠠᠷ ᠤᠨ ᠮᠢᠬ᠎ᠠ ᠶᠤᠮ᠃ ᠠᠷᠠᠰᠤ᠂ ᠡᠪᠡᠷ ᠵᠢᠴᠢ ᠪᠥᠬᠦ ᠪᠡᠶ᠎ᠡ ᠨᠢ ᠪᠦᠷ ᠲᠣᠩ ᠶᠡᠭᠡ | ᠬᠡᠷᠡᠭᠴᠡᠭᠡ ᠲᠠᠢ᠃ ᠡᠶᠢᠮᠦ ᠠᠴᠠ ᠵᠡᠭᠡᠷ᠎ᠡ ᠶᠢᠨ ᠠᠩ ᠪᠠᠰᠠ ᠦᠢᠯᠡᠳᠪᠦᠷᠢᠯᠡᠯ ᠤᠨ ᠴᠢᠨᠠᠷ ᠲᠠᠢ ᠠᠩᠨᠠᠯ ᠤᠨ ᠦᠢᠯᠡᠰ | ᠶᠤᠮ᠃ | | 7᠂ ᠪᠤᠰᠤᠳ ᠵᠦᠢᠯ ᠤᠨ ᠠᠩ᠄ ᠦᠵᠦᠮᠦᠴᠢᠨ ᠤ ᠪᠤᠰᠤᠳ ᠵᠦᠢᠯ ᠤᠨ ᠠᠩ ᠳᠤ ᠲᠠᠷᠪᠠᠭ᠎ᠠ᠂ ᠪᠤᠯᠠᠭ᠎ᠠ᠂ | ᠬᠠᠯᠢᠭᠤ ᠵᠡᠷᠭᠡ ᠬᠤᠪᠣᠷ ᠣᠨᠴᠤᠭᠤᠢ ᠠᠮᠢᠲᠠᠨ ᠢ ᠠᠩᠨᠠᠬᠤ ᠠᠩ ᠪᠠᠶᠢᠳᠠᠭ᠃ ᠡᠶᠢᠮᠦ ᠠᠩ ᠢ ᠪᠠᠰᠠ ᠵᠣᠬᠢᠰᠲᠠᠢ | ᠬᠢᠳᠡᠭ᠃ ᠭᠡᠪᠡᠴᠦ ᠪᠤᠯᠠᠭ᠎ᠠ᠂ ᠬᠠᠯᠢᠭᠤ ᠵᠡᠷᠭᠡ ᠬᠤᠪᠣᠷ ᠠᠮᠢᠲᠠᠨ ᠢ ᠠᠩᠨᠠᠬᠤ ᠶᠢ ᠲᠣᠩ ᠴᠡᠭᠡᠷᠯᠡᠨ᠎ᠡ᠃ ᠶᠠᠭ ᠡᠶᠢᠮᠦ | ᠠᠮᠢᠲᠠᠨ ᠲᠣᠬᠢᠶᠠᠯᠳᠤᠴᠢᠬᠠᠪᠠᠯ ᠪᠠᠰᠠ ᠴᠥᠭᠡᠪᠦᠷᠢ ᠠᠩᠨᠠᠭᠰᠠᠨ ᠭᠠᠷᠳᠠᠭ᠃ ᠲᠡᠭᠦᠨ ᠢ ᠡᠷᠬᠢᠮᠯᠡᠬᠦ ᠦᠭᠡᠢ᠃ ᠬᠤᠪᠣᠷ | ᠦᠨᠡᠲᠦ ᠠᠮᠢᠲᠠᠨ ᠢᠶᠠᠨ ᠬᠠᠮᠠᠭᠠᠯᠠᠳᠠᠭ᠃ | | ᠦᠵᠦᠮᠦᠴᠢᠨ ᠤ ᠠᠩ ᠠᠩᠨᠠᠯ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠪᠣᠯ ᠮᠣᠷᠢ᠂ ᠨᠣᠬᠠᠢ᠂ ᠫᠤᠤ ᠢᠶᠠᠷ | ᠠᠩᠨᠠᠬᠤ ᠠᠷᠭ᠎ᠠ ᠮᠠᠶ᠋ᠢᠭ ᠶᠤᠮ᠃ ᠡᠭᠦᠨ ᠠᠴᠠ ᠪᠤᠰᠤᠳ ᠬᠠᠪᠬ᠎ᠠ ᠲᠠᠯᠪᠢᠬᠤ᠂ ᠲᠣᠣᠷ ᠲᠠᠯᠪᠢᠬᠤ᠂ ᠨᠦᠬᠡ ᠮᠠᠯᠲᠠᠬᠤ | ᠵᠡᠷᠭᠡ ᠠᠷᠭ᠎ᠠ ᠮᠠᠶ᠋ᠢᠭ ᠢ ᠬᠡᠷᠡᠭᠯᠡᠬᠦ ᠦᠭᠡᠢ᠃ ᠡᠶᠢᠮᠦ ᠠᠷᠭ᠎ᠠ ᠦᠵᠦᠮᠦᠴᠢᠨ ᠤ ᠦᠨᠳᠦᠰᠦᠨ ᠨᠤᠲᠤᠭ ᠪᠡᠯᠴᠢᠭᠡᠷ ᠤᠨ | ᠬᠠᠮᠠᠭᠠᠯᠠᠯᠲᠠ ᠪᠠᠷ ᠭᠤᠣᠯ ᠪᠣᠯᠭᠠᠭᠰᠠᠨ ᠪᠠᠶᠢᠭᠠᠯᠢ ᠶᠢᠨ ᠬᠠᠮᠠᠭᠠᠯᠠᠯᠲᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ | ᠰᠢᠯᠤᠭᠤᠨ ᠶᠠᠪᠤᠭᠳᠠᠬᠤ ᠳᠤ ᠪᠦᠷ ᠵᠣᠬᠢᠴᠠᠬᠤ ᠦᠭᠡᠢ ᠤᠴᠢᠷ ᠠᠴᠠ ᠨᠡᠶᠢᠭᠡᠮ ᠨᠡᠶᠢᠲᠡ ᠪᠠᠷ ᠡᠷᠡᠰ ᠴᠠᠭᠠᠵᠠᠯᠠᠳᠠᠭ᠃ | | ᠦᠵᠦᠮᠦᠴᠢᠨ ᠮᠣᠩᠭᠤᠯᠴᠤᠳ ᠤᠨ ᠠᠩ ᠠᠩᠨᠠᠭᠤᠷ ᠤᠨ ᠠᠵᠤ ᠠᠬᠤᠢ ᠪᠣᠯ ᠲᠡᠳᠡᠨ ᠤ ᠮᠠᠯ ᠠᠵᠤ ᠠᠬᠤᠢ | ᠶᠢᠨ ᠦᠢᠯᠡᠳᠪᠦᠷᠢᠯᠡᠯ ᠳᠤ ᠦᠢᠯᠡᠴᠢᠯᠡᠭᠰᠡᠨ᠂ ᠪᠡᠶ᠎ᠡ ᠪᠠᠨ ᠳᠠᠭᠠᠭᠠᠭᠰᠠᠨ ᠲᠣᠭᠲᠠᠴᠠ ᠲᠠᠢ ᠲᠤᠰᠬᠠᠢ ᠠᠵᠤ ᠠᠬᠤᠢ᠃ | ᠮᠣᠩᠭᠤᠯ ᠤᠨ ᠤᠯᠠᠮᠵᠢᠯᠠᠯᠲᠤ ᠠᠩ ᠬᠤᠮᠣᠷᠭ᠎ᠠ ᠶᠢᠨ ᠵᠠᠩ ᠦᠢᠯᠡ ᠠᠵᠢᠯᠯᠠᠭ᠎ᠠ ᠶᠢᠨ ᠵᠠᠯᠭᠠᠮᠵᠢ ᠮᠥᠨ᠃ ᠪᠠᠰᠠᠴᠤ | ᠲᠡᠳᠡᠨ ᠤ ᠥᠪᠡᠷᠮᠢᠴᠡ ᠣᠨᠴᠠᠯᠢᠭ ᠲᠠᠢ ᠠᠩ ᠠᠩᠨᠠᠯ ᠤᠨ ᠰᠣᠶᠣᠯ ᠤᠨ ᠠᠵᠢᠯᠯᠠᠭ᠎ᠠ ᠪᠣᠯᠣᠨ᠎ᠠ᠃ | | ᠦᠵᠦᠮᠦᠴᠢᠨ ᠮᠣᠩᠭᠤᠯᠴᠤᠳ ᠠᠩ ᠠᠩᠨᠠᠯ ᠬᠢᠬᠦ ᠪᠠᠨ ᠪᠠᠰᠠ᠄ ︽ᠮᠠᠯᠠᠭ᠎ᠠ ᠶᠢᠨ ᠣᠲᠤᠭ᠎ᠠ ᠭᠦᠪᠢᠵᠦ | ᠬᠡᠶᠢᠮᠣᠷᠢ ᠰᠡᠷᠭᠦᠭᠡᠨ᠎ᠡ︾ ᠭᠡᠳᠡᠭ᠃ ᠠᠩ ᠤᠨ ᠣᠯᠵᠠ ᠬᠤᠪᠢᠶᠠᠷᠢ ᠶᠢ᠄ ︽ᠬᠠᠷ᠎ᠠ ᠬᠠᠮᠠᠷ ᠢ ᠨᠢ ᠥᠪᠴᠢᠬᠦ ᠠᠴᠠ | ᠡᠮᠦᠨ᠎ᠡ ᠬᠦᠷᠦᠯᠴᠡᠨ ᠢᠷᠡᠭᠰᠡᠨ ᠪᠦᠬᠦᠨ ᠳᠤ ᠬᠦᠷᠲᠡᠭᠡᠬᠦ ᠶᠣᠰᠣᠲᠠᠢ︾ ᠭᠡᠳᠡᠭ᠃ ᠠᠩ ᠤᠨ ᠮᠢᠬ᠎ᠠ ᠶᠢ ᠠᠶᠢᠯ | ᠬᠤᠲᠠ ᠪᠠᠷ ᠢᠶᠠᠨ ᠪᠦᠭᠦᠳᠡᠭᠡᠷ ᠢᠶᠠᠨ ᠬᠤᠪᠢᠶᠠᠵᠤ᠂ ᠱᠥᠯᠥ ᠤᠤᠭᠤᠵᠤ ᠪᠠᠩᠰᠢ ᠪᠠᠷᠢᠵᠤ ᠢᠳᠡᠳᠡᠭ᠃ ᠠᠩ ᠤᠨ | ᠭᠠᠨᠵᠤᠭ᠎ᠠ ᠶᠢ ᠬᠠᠷᠠᠮᠯᠠᠬᠤ ᠶᠢ ︽ᠮᠠᠭᠤ ᠢᠷᠸ᠎ᠠ︾᠂ ︽ᠠᠩ ᠤᠨ ᠶᠠᠭᠤᠮ᠎ᠠ ᠶᠢ ᠪᠢᠲᠡᠭᠡᠢ ᠬᠠᠷᠠᠮᠯᠠ︕︾ ᠭᠡᠵᠦ | ᠪᠦᠷ ᠢ ᠬᠤᠪᠢᠶᠠᠯᠴᠠᠳᠠᠭ ᠪᠠᠶᠢᠵᠠᠢ᠃ | | ᠦᠵᠦᠮᠦᠴᠢᠨ ᠮᠣᠩᠭᠤᠯᠴᠤᠳ ᠤᠨ ᠪᠦᠬᠦᠯᠢ ᠠᠩ ᠠᠩᠨᠠᠯ ᠤᠨ ᠠᠵᠤ ᠠᠬᠤᠢ ᠶᠢᠨ ᠦᠢᠯᠡᠰ ᠪᠣᠯ ᠲᠡᠦᠬᠡ | ᠶᠢᠨ ᠲᠤᠷᠰᠢᠯᠭ᠎ᠠ ᠰᠤᠷᠭᠠᠮᠵᠢ ᠪᠠᠨ ᠳ᠋ᠦᠩᠨᠡᠭᠰᠡᠨ ᠰᠠᠭᠤᠷᠢ ᠳᠡᠭᠡᠷ᠎ᠡ ᠬᠥᠭᠵᠢᠵᠦ᠂ ᠠᠩ ᠤᠨ ᠠᠵᠤ ᠠᠬᠤᠢ ᠶᠢᠨ | ᠵᠢᠮ᠎ᠡ ᠶᠣᠰᠣ ᠪᠠᠷ ᠲᠣᠭᠲᠠᠭᠰᠠᠨ ᠳᠦᠷᠢᠮ ᠭᠤᠷᠢᠮ ᠬᠡᠪᠰᠢᠯ ᠲᠠᠢ ᠠᠵᠤ ᠠᠬᠤᠢ ᠶᠢᠨ ᠠᠵᠢᠯᠯᠠᠭ᠎ᠠ ᠪᠣᠯᠣᠭᠰᠠᠨ ᠶᠤᠮ᠃ | | ︽ᠦᠵᠦᠮᠦᠴᠢᠨ ᠮᠣᠩᠭᠤᠯᠴᠤᠳ︾ ᠭᠤ᠂ ᠷᠠᠬᠸ᠎ᠠ |